ᠲᠡᠷᠡ ᠶᠡᠷᠦ ᠠᠴᠠ ︽ᠶᠤᠰᠤ ᠮᠤᠷᠠᠯ᠂ ᠲᠦᠪ ᠶᠤᠰᠤ᠂ ᠨᠢᠩᠵᠢᠨ ᠰᠡᠳᠬᠢᠯ︾ ᠢ ᠳᠡᠭᠡᠳᠦᠯᠡᠬᠦ ᠪᠠᠷ ᠪᠡᠶ᠎ᠠ ᠪᠠᠨ ᠱᠠᠭᠠᠷᠳᠠᠵᠤ᠂ 7 ᠵᠢᠯ ᠤᠨ ᠳᠤᠷᠰᠢ ᠰᠠᠶᠢᠨ | ᠳᠤᠷᠠᠴᠤᠤᠯ ᠤᠨ ᠠᠵᠢᠯᠯᠠᠭ᠎ᠠ ᠳᠤ ᠢᠳᠡᠪᠬᠢᠯᠡᠨ ᠤᠷᠤᠯᠴᠠᠵᠤ ᠤᠯᠠᠨ ᠤ ᠬᠦᠷᠢᠶᠡᠯᠡᠯ ᠢ ᠤᠯᠵᠠᠢ᠃ ᠡᠨᠡ ᠬᠦᠮᠦᠨ ᠪᠤᠯ ᠮᠠᠨ ᠤ ᠬᠤᠲᠠ ᠶᠢᠨ ᠬᠠᠩᠭᠢᠨ ᠬᠤᠰᠢᠭᠤᠨ ᠤ | ᠡᠮ ᠡᠮᠨᠡᠯᠭᠡ ᠶᠢᠨ ᠪᠠᠲᠤᠯᠠᠭ᠎ᠠ ᠶᠢᠨ ᠳᠤᠪᠴᠢᠶᠠᠨ ᠤ ᠶᠠᠷᠦᠩᠬᠡᠶᠢᠯᠡᠭᠰᠡᠨ ᠠᠵᠢᠯ ᠤᠨ ᠰᠠᠯᠠᠭᠠᠨ ᠤ ᠠᠵᠢᠯᠲᠠᠨ᠂ ᠬᠤᠰᠢᠭᠤᠨ ᠤ ᠠᠯᠪᠠᠨ ᠵᠢᠷᠤᠮ ᠤᠨ ᠠᠵᠢᠯᠲᠠᠳ ᠤᠨ | ᠨᠡᠶᠢᠭᠡᠮᠯᠢᠭ ᠤᠨ ᠬᠡᠰᠢᠭᠦᠨ ᠳ᠋ᠦᠩ ᠮᠸᠢ ᠪᠤᠯᠤᠨ᠎ᠠ᠃ | ᠬᠠᠷᠠᠮ ᠦᠭᠡᠢ ᠪᠠᠷ ᠴᠢᠰᠤ ᠬᠠᠨᠳᠢᠪᠯᠠᠬᠤ ᠪᠤᠯ ᠬᠦᠮᠦᠨ ᠤ ᠠᠮᠢ ᠨᠠᠰᠤ ᠶᠢ ᠠᠪᠤᠷᠠᠬᠤ ᠳᠤ ᠳᠤᠰᠠᠯᠠᠬᠤ ᠪᠤᠶᠠᠨᠰᠠᠭ ᠠᠵᠢᠯᠯᠠᠭ᠎ᠠ᠂ ᠡᠷᠬᠢᠮ ᠳᠡᠭᠡᠳᠦ ᠶᠤᠰᠤ | ᠪᠤᠯᠪᠠᠰᠤᠷᠠᠯ ᠤᠨ ᠢᠯᠡᠷᠡᠯ ᠶᠤᠮ᠃ 2014 ᠣᠨ ᠠᠴᠠ ᠡᠬᠢᠯᠡᠨ ᠳ᠋ᠦᠩ ᠮᠸᠢ ᠦᠪᠠᠷ ᠤᠨ ᠪᠤᠳᠠᠲᠤ ᠠᠵᠢᠯᠯᠠᠭ᠎ᠠ ᠪᠠᠷ ᠵᠶ᠋ᠠᠨᠦᠯᠢᠭᠡᠷ ᠲᠠᠭᠤᠷᠢᠶᠠᠯ ᠦᠵᠡᠬᠦᠯᠵᠦ᠂ | ᠴᠢᠰᠦ ᠨᠥᠭᠦᠪᠦᠷᠢᠯᠡᠬᠦ ᠴᠢᠬᠤᠯᠠᠲᠠᠢ ᠬᠦᠮᠦᠰ ᠲᠤ ᠴᠢᠰᠦ ᠪᠠᠨ ᠬᠠᠷᠠᠮ ᠦᠭᠡᠢ ᠬᠠᠨᠳᠢᠪᠯᠠᠭᠰᠠᠭᠠᠷ ᠢᠷᠡᠵᠦ᠂ ᠤᠳᠤᠬᠠᠨ ᠪᠤᠯᠲᠠᠯ᠎ᠠ ᠨᠡᠶᠢᠲᠡ 6800 ᠮᠢᠯᠢᠯᠢᠲᠷ ᠴᠢᠰᠤ | ᠬᠠᠨᠳᠢᠪᠯᠠᠵᠤ ᠪᠤᠢ᠃ ᠡᠭᠦᠨ ᠢᠶᠠᠷ ᠦᠯᠦ ᠪᠠᠷᠠᠮ᠂ ᠲᠡᠷᠡ ᠴᠢᠰᠤ ᠬᠠᠨᠳᠢᠪᠯᠠᠬᠤ ᠳᠤᠬᠠᠢ ᠡᠯ᠎ᠠ ᠵᠦᠢᠯ ᠤᠨ ᠮᠡᠳᠡᠯᠭᠡ ᠶᠢ ᠤᠬᠠᠭᠤᠯᠵᠤ᠂ ᠬᠦᠮᠦᠰ ᠢ ᠴᠢᠰᠦ | ᠬᠠᠨᠳᠢᠪᠯᠠᠬᠤ ᠠᠴᠠ ᠪᠠᠨ ᠠᠶᠤᠬᠤ ᠬᠡᠷᠡᠭ ᠦᠭᠡᠢ᠂ ᠪᠤᠰᠤᠳ ᠤᠨ ᠠᠮᠢ ᠨᠠᠰᠤ ᠶᠢ ᠠᠪᠤᠷᠠᠬᠤ ᠶᠢᠨ ᠲᠦᠯᠦᠭᠡ ᠵᠤᠷᠢᠭᠲᠠᠢ ᠪᠠᠶᠢᠭᠠᠴᠢ ᠭᠡᠵᠦ ᠤᠷᠢᠶᠠᠯᠠᠳᠠᠭ︔ ᠲᠡᠷᠡ | ᠮᠥᠨ ᠦᠷᠭᠦᠯᠵᠢ ᠨᠡᠶᠢᠬᠡᠮ ᠲᠤᠭᠤᠷᠢᠭ᠂ ᠨᠠᠰᠤᠲᠠᠶᠢᠴᠦᠳ ᠢ ᠠᠰᠠᠷᠠᠬᠤ ᠭᠠᠵᠠᠷ ᠢᠶᠠᠷ ᠭᠦᠨᠵᠡᠭᠡᠶᠢᠷᠡᠨ ᠬᠠᠶᠢᠷ᠎ᠠ ᠬᠠᠯᠠᠮᠵᠢ ᠬᠦᠷᠭᠡᠵᠦ᠂ ᠨᠠᠰᠤᠲᠠᠶᠢᠴᠦᠳ ᠲᠠᠢ | ᠵᠤᠭᠤᠭᠳᠠᠬᠤ᠂ ᠬᠢᠮᠦᠰᠦ ᠶᠢ ᠨᠢ ᠬᠠᠶᠢᠴᠢᠯᠠᠬᠤ᠂ ᠴᠢᠰᠦᠨ ᠳᠠᠷᠤᠯᠲᠠ ᠶᠢ ᠨᠢ ᠬᠡᠮᠵᠢᠬᠦ᠂ ᠢᠯᠢᠵᠦ ᠨᠤᠬᠤᠯᠠᠬᠤ ᠵᠡᠷᠭᠡ ᠲᠠᠯ᠎ᠠ ᠪᠠᠷ ᠳᠡᠳᠡᠨ ᠢ ᠬᠠᠯᠠᠮᠵᠢᠯᠠᠵᠤ | ᠬᠠᠪᠰᠤᠷᠳᠠᠭ︔ ᠲᠡᠷᠡ ᠡᠮ ᠡᠮᠨᠡᠯᠭᠡ ᠶᠢᠨ ᠳᠠᠭᠠᠳᠬᠠᠯ ᠤᠨ ᠲᠦᠷᠦ ᠶᠢᠨ ᠪᠤᠳᠤᠯᠭ᠎ᠠ ᠶᠢ ᠤᠬᠠᠭᠤᠯᠬᠤ ᠰᠠᠶᠢᠨ ᠳᠤᠷ᠎ᠠ ᠶᠢᠨ ᠦᠢᠯᠡᠴᠢᠯᠡᠭᠴᠢ ᠪᠤᠯᠬᠤ ᠪᠠᠷ ᠰᠠᠶᠢᠨ | ᠳᠤᠷ᠎ᠠ ᠠᠴᠠ ᠪᠠᠨ ᠨᠡᠷ᠎ᠠ ᠮᠡᠳᠡᠭᠦᠯᠦᠨ᠂ ᠪᠤᠰᠤᠳ ᠰᠠᠶᠢᠨ ᠳᠤᠷᠠᠴᠤᠳ ᠲᠠᠢ ᠬᠠᠮᠲᠤ ᠪᠠᠷ ᠦᠷᠭᠦᠯᠵᠢ ᠬᠦᠮᠦᠨ ᠠᠮᠠ ᠲᠦᠪᠯᠡᠷᠡᠭᠰᠡᠨ ᠭᠠᠵᠠᠷ᠂ ᠵᠠᠭᠡᠯᠢ ᠭᠤᠳᠤᠮᠵᠢ᠂ | ᠠᠭᠤᠳᠠᠮ ᠳᠠᠯᠠᠪᠠᠢ᠂ ᠨᠡᠶᠢᠭᠡᠮ ᠲᠤᠭᠤᠷᠢᠭ ᠢᠶᠠᠷ ᠬᠦᠷᠴᠦ ᠤᠬᠠᠭᠤᠯᠭ᠎ᠠ ᠶᠢᠨ ᠮᠠᠲ᠋ᠧᠷᠢᠶᠠᠯ ᠳᠠᠷᠬᠠᠭᠠᠬᠤ᠂ ᠳᠤᠬᠠᠢ ᠶᠢᠨ ᠲᠠᠯᠠᠪᠠᠢ ᠳᠤ ᠤᠯᠠᠨ ᠲᠦᠮᠡᠨ ᠳᠤ | ᠬᠠᠷᠢᠭᠤᠯᠲᠠ ᠥᠭᠬᠦ ᠵᠡᠷᠭᠡ ᠬᠡᠯᠪᠡᠷᠢ ᠪᠠᠷ ᠰᠠᠭᠤᠭᠠᠯᠢ ᠠᠷᠠᠳ ᠲᠤ ᠡᠮ ᠡᠮᠨᠡᠯᠭᠡ ᠶᠢᠨ ᠳᠠᠭᠠᠳᠬᠠᠯ ᠤᠨ ᠳᠤᠬᠠᠢ ᠲᠦᠷᠦ ᠶᠢᠨ ᠪᠤᠳᠤᠯᠭ᠎ᠠ᠂ ᠬᠠᠤᠯᠢ ᠳᠦᠷᠢᠮ ᠢ | ᠤᠬᠠᠭᠤᠯᠵᠤ ᠲᠠᠶᠢᠯᠪᠤᠷᠢᠯᠠᠨ᠂ ᠮᠥᠨ ᠡᠮᠨᠡᠯᠭᠡ ᠶᠢᠨ ᠳᠠᠭᠠᠳᠬᠠᠯ ᠳᠤ ᠤᠷᠤᠯᠴᠠᠬᠤ᠂ ᠰᠦᠢᠳᠭᠡᠯ ᠳᠤᠰᠢᠶᠠᠬᠤ᠂ ᠤᠨᠳᠤᠤ ᠭᠠᠵᠠᠷ ᠲᠤ ᠡᠮᠨᠡᠭᠦᠯᠬᠦ᠂ ᠡᠮᠴᠢᠯᠡᠭᠡᠨ ᠤ | ᠠᠪᠤᠷᠠᠨ ᠳᠤᠰᠠᠯᠠᠯᠲᠠ ᠬᠦᠷᠳᠡᠬᠦ ᠭᠠᠷᠳᠠᠮ ᠭᠦᠢᠴᠡᠳᠭᠡᠬᠦ ᠪᠤᠳᠠᠲᠠᠢ ᠠᠷᠭ᠎ᠠ ᠪᠠᠷᠢᠯ ᠢ ᠤᠯᠠᠨ ᠲᠦᠮᠡᠨ ᠳᠤ ᠨᠠᠷᠢᠨ ᠳᠤᠳᠤᠷᠬᠠᠢ ᠤᠶᠢᠯᠠᠭᠠᠭᠤᠯᠵᠤ᠂ ᠠᠷᠠᠳ ᠤᠯᠠᠨ ᠤ | ᠡᠮᠨᠡᠯᠭᠡ ᠶᠢᠨ ᠳᠠᠭᠠᠳᠬᠠᠯ ᠳᠤ ᠤᠷᠤᠬᠤ ᠪᠦᠷᠭᠦᠴᠡ ᠶᠢ ᠥᠷᠭᠡᠳᠭᠡᠭᠰᠡᠨ ᠮᠦᠷᠳᠡᠭᠡᠨ ᠬᠠᠮᠢᠶ᠎ᠠ ᠪᠦᠬᠦᠢ ᠪᠠᠶᠢᠭᠤᠯᠤᠮᠵᠢ ᠭᠢᠭᠡᠳ ᠠᠷᠠᠳᠤᠯᠠᠨ ᠤ ᠬᠤᠭᠤᠷᠤᠨᠳᠤᠬᠢ | ᠨᠡᠪᠲᠡᠷᠡᠯᠴᠡᠭᠡ ᠤᠶᠢᠯᠠᠭᠠᠯᠴᠠᠭ᠎ᠠ ᠶᠢ ᠭᠥᠨᠵᠡᠭᠡᠶᠢᠷᠡᠭᠦᠯᠥᠨ᠂ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠠᠷᠠᠳ ᠤᠯᠠᠨ ᠳᠤ ᠮᠡᠳᠡᠷᠡᠭᠦᠯᠦᠭᠰᠡᠨ ᠪᠠᠶᠢᠨ᠎ᠠ᠃ | ᠲᠡᠷᠡ ᠬᠤᠰᠢᠭᠤᠨ ᠤ ᠪᠠᠨ ᠪᠦᠬᠦ ᠤᠯᠤᠰ ᠤᠨ ᠰᠢᠶᠠᠨ ᠤ ᠲᠡᠰ ᠤᠨ ᠪᠤᠯᠪᠠᠰᠤᠨ ᠬᠤᠲᠠ ᠶᠢ ᠡᠭᠦᠳᠥᠨ ᠪᠠᠶᠢᠭᠤᠯᠬᠤ ᠠᠵᠢᠯᠯᠠᠭ᠎ᠠ ᠳᠤ ᠰᠠᠶᠢᠨ ᠳᠤᠷ᠎ᠠ ᠶᠢᠨ | ᠦᠢᠯᠡᠴᠢᠯᠡᠭᠴᠢ ᠶᠢᠨ ᠬᠤᠪᠢ ᠪᠠᠷ ᠣᠷᠣᠯᠴᠠᠵᠤ᠂ ᠰᠠᠭᠤᠭᠠᠯᠢ ᠲᠤᠭᠤᠷᠢᠭ ᠤᠨ ᠤᠷᠴᠢᠨ ᠲᠤᠭᠤᠷᠢᠨ ᠢ ᠭᠤᠶᠤᠵᠢᠭᠤᠯᠬᠤ ᠠᠵᠢᠯᠯᠠᠭ᠎ᠠ ᠥᠷᠨᠢᠭᠦᠯᠦᠨ ᠠᠷᠠᠳ ᠤᠯᠠᠨ ᠤ | ᠤᠷᠤᠰᠢᠨ ᠰᠠᠭᠤᠬᠤ ᠨᠥᠭᠦᠴᠡᠯ ᠢ ᠰᠠᠶᠢᠵᠢᠷᠠᠭᠤᠯᠤᠨ ᠲᠠᠳᠡᠨ ᠳᠤ ᠪᠤᠳᠠᠲᠠᠢ ᠠᠰᠢᠭ ᠬᠦᠷᠲᠡᠭᠡᠵᠡᠢ᠃ 2016 ᠤᠨ ᠠᠴᠠ ᠡᠬᠢᠯᠡᠨ ᠳ᠋ᠦᠩ ᠮᠸᠢ ᠪᠠᠰᠠ ᠪᠤᠰᠤᠳ | ᠰᠠᠶᠢᠨ ᠳᠤᠷᠠᠴᠤᠳ ᠲᠠᠢ ᠬᠠᠮᠲᠤ ᠪᠠᠷ ᠲᠡᠨᠦᠭᠦᠯ ᠨᠤᠬᠠᠢ ᠶᠢ ᠠᠪᠤᠷᠠᠨ ᠳᠤᠰᠠᠯᠠᠬᠤ ᠠᠵᠢᠯᠯᠠᠭ᠎ᠠ ᠥᠷᠨᠢᠭᠦᠯᠵᠦ᠂ ᠠᠵᠢᠯ ᠠᠴᠠ ᠪᠠᠨ ᠪᠠᠭᠤᠭᠰᠠᠨ ᠤ ᠳᠠᠷᠠᠭ᠎ᠠ ᠬᠤᠭᠤᠯᠠᠨ | ᠭᠡᠷ ᠤᠳ ᠢᠶᠠᠷ ᠤᠷᠤᠵᠦ᠂ ᠦᠯᠡᠳᠡᠭᠰᠡᠨ ᠬᠤᠭᠤᠯᠠ ᠶᠢ ᠴᠤᠭᠯᠠᠭᠤᠯᠤᠨ ᠲᠡᠨᠦᠭᠦᠯ ᠨᠤᠬᠠᠢ ᠶᠢᠨ ᠠᠮᠢᠨ ᠲᠡᠵᠢᠭᠡᠯ ᠢ ᠪᠠᠲᠤᠯᠠᠵᠤ ᠪᠠᠶᠢᠭᠰᠠᠨ ᠢᠶᠠᠷ ᠪᠠᠷᠠᠬᠤ ᠦᠭᠡᠢ᠂ | ᠠᠮᠢᠲᠠᠨ ᠢ ᠬᠠᠶᠢᠷᠠᠯᠠᠬᠤ ᠤᠬᠠᠮᠰᠠᠷ ᠢ ᠪᠤᠢ ᠪᠤᠯᠭᠠᠬᠤ ᠲᠤᠬᠠᠢ᠂ ᠲᠠᠨᠦᠭᠦᠯ ᠨᠤᠬᠠᠢ ᠶᠢᠨ ᠨᠡᠶᠢᠬᠡᠮ ᠨᠡᠶᠢᠲᠡ ᠳᠤ ᠤᠴᠠᠷᠠᠭᠤᠯᠬᠤ ᠬᠤᠤᠷ ᠨᠥᠯᠥᠭᠡ ᠶᠢᠨ ᠲᠤᠬᠠᠢ | ᠤᠬᠠᠭᠤᠯᠤᠨ ᠲᠠᠶᠢᠯᠪᠤᠷᠢᠯᠠᠵᠤ᠂ ᠰᠠᠶᠢᠨ ᠳᠤᠷᠠᠴᠤᠳ ᠤᠨ ᠢᠶᠠᠨ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ ᠪᠠᠷ ᠳᠠᠮᠵᠢᠭᠤᠯᠤᠨ ᠨᠡᠩ ᠤᠯᠠᠨ ᠬᠦᠮᠦᠨ ᠢ ᠤᠷᠢᠶᠠᠯᠠᠨ | ᠲᠠᠭᠤᠳᠠᠵᠤ᠂ ᠬᠦᠮᠦᠰ ᠤᠨ ᠬᠠᠷᠢᠭᠤᠴᠠᠯᠭᠠᠲᠤ ᠰᠡᠳᠬᠢᠯᠭᠡ ᠪᠠᠨ ᠳᠡᠭᠡᠭᠰᠢᠯᠡᠭᠦᠯᠦᠨ᠂ ᠦᠪᠠᠷ ᠤᠨ ᠲᠡᠵᠢᠭᠡᠭᠰᠡᠨ ᠡ᠊ᠩᠬᠦᠷᠡᠢ ᠠᠮᠢᠲᠠᠨ ᠢᠶᠠᠨ ᠬᠠᠶᠠᠬᠤ ᠬᠡᠷᠡᠭ | ᠭᠠᠷᠭᠠᠬᠤ ᠠᠴᠠ ᠵᠠᠶᠢᠯᠠᠰᠬᠢᠬᠤ ᠶᠢ ᠰᠠᠨᠠᠭᠠᠴᠢᠯᠠᠵᠤ ᠶᠠᠪᠤᠵᠠᠢ᠃ ︽ᠰᠠᠶᠢᠨ ᠳᠤᠷ᠎ᠠ ᠵᠢᠨᠦᠢᠯᠡᠴᠢᠯᠡᠭᠴᠢ ᠪᠤᠯᠤᠭᠰᠠᠨ ᠠᠮᠢᠳᠤᠷᠠᠯ ᠮᠠᠨᠢ ᠨᠠᠳᠠ ᠳᠤ ᠠᠷᠪᠢᠨ ᠪᠠᠶᠠᠷ | ᠪᠠᠶᠠᠰᠤᠯ ᠠᠪᠴᠢᠷᠠᠳᠠᠭ᠂ ᠪᠤᠰᠤᠳ ᠲᠤ ᠦᠢᠯᠡᠴᠢᠯᠡᠬᠦ ᠨᠢ ᠨᠠᠳᠠ ᠳᠤ ᠵᠢᠷᠭᠠᠯᠳᠠᠢ ᠰᠠᠨᠠᠭᠳᠠᠳᠠᠭ︾ ᠭᠡᠵᠦ ᠳ᠋ᠦᠩ ᠮᠸᠢ ᠶᠠᠷᠢᠵᠤ ᠪᠠᠶᠢᠯ᠎ᠠ᠃ |