ᠬᠡᠤᠬᠡᠳ ᠱᠤᠤᠬᠢᠭᠰᠠᠨ ᠶᠡᠭᠡ ᠦᠷᠬᠦᠬᠡᠨ ᠤ ᠡᠵᠡᠨ ᠪᠤᠶᠤ | ᠬᠦᠰᠡᠯᠲᠠᠢ ᠰᠠᠶᠢᠬᠠᠨ ᠤᠶᠠᠩᠭ᠎ᠠ ᠶᠢᠨ ᠪᠢᠷ | | — ᠲᠤᠭᠴᠢ ᠯᠤᠪᠰᠠᠩ ᠪᠠᠭᠰᠢ ᠶᠢ ᠲᠡᠮᠲᠡᠭᠯᠡᠪᠡ | ᠨᠡᠷ᠎ᠡ ᠨᠢ ᠭᠠᠵᠠᠷ ᠤᠨ ᠵᠢᠷᠤᠭ ᠲᠤ ᠴᠤ ᠦᠯᠥ ᠬᠠᠷᠠᠭᠳᠠᠬᠤ | ᠨᠡᠮᠡᠬᠦ ᠳᠤ ᠨᠡᠮᠡᠭᠳᠡᠬᠦᠨ ᠦᠭᠡᠢ᠂ ᠬᠠᠰᠤᠬᠤ ᠳᠤ ᠬᠠᠰᠤᠭᠳᠠᠬᠤᠨ ᠦᠭᠡᠢ | ᠨᠢᠬᠡ ᠵᠢᠵᠢᠭᠬᠡᠨ ᠪᠠᠭ᠎ᠠ ᠰᠤᠷᠭᠠᠭᠤᠯᠢ ᠳᠤ ᠠᠷᠪᠠᠨ ᠲᠤᠯᠤᠭᠠᠨ ᠵᠢᠯ ᠤᠨ ᠲᠤᠷᠰᠢ ᠬᠦᠯᠦᠰᠦ ᠬᠦᠴᠦ ᠪᠠᠨ ᠤᠷᠤᠰᠬᠠᠵᠤ ᠂ ᠲᠡᠷᠡ ᠰᠤᠷᠭᠠᠭᠤᠯᠢ ᠶᠢᠨ ᠦᠢ ᠤᠯᠠᠨ | ᠬᠡᠤᠬᠡᠳ ᠤᠳ ᠲᠤ ᠤᠷᠠᠨ ᠵᠤᠬᠢᠶᠠᠯ ᠤᠨ ᠠᠮᠲᠠᠲᠤ ᠪᠠᠯ ᠢ ᠲᠤᠯᠢᠶᠠᠯᠭᠠᠨ᠂ ᠲᠡᠭᠦᠨ ᠠᠴᠠ ᠪᠠᠨ ᠠᠮᠢᠳᠤᠷᠠᠯ ᠤᠨ ᠪᠠᠶᠠᠷ ᠪᠠᠶᠠᠰᠤᠯ ᠢ ᠬᠦᠷᠲᠡᠵᠤ ᠶᠠᠪᠤᠭᠰᠠᠨ ᠨᠢᠬᠡᠨ | ᠪᠠᠭᠰᠢ ᠤᠳᠤ ᠬᠦᠷᠲᠠᠯ᠎ᠠ ᠬᠠᠷ᠎ᠠ ᠰᠠᠮᠪᠠᠷ᠎ᠠ ᠶᠢᠨ ᠡᠮᠦᠨ᠎ᠡ ᠵᠤᠭᠰᠤᠨ ᠬᠠᠷ᠎ᠠ ᠦᠰᠦ ᠪᠠᠨ ᠴᠠᠶᠢᠲᠠᠯ᠎ᠠ ᠠᠵᠢᠯᠯᠠᠵᠤ ᠪᠠᠶᠢᠨ᠎ᠠ᠃ ᠡᠬᠡᠯ ᠤᠨ ᠡᠬᠡᠯ ᠠᠲᠠᠯ᠎ᠠ ᠪᠠᠨ ᠡᠷᠭᠢᠮ | ᠤᠯᠠᠨ ᠦᠢᠯᠡ ᠶᠢ ᠬᠢᠵᠤ ᠶᠠᠪᠤᠭᠰᠠᠨ ᠲᠡᠷᠡ ᠪᠠᠭᠰᠢ ᠮᠠᠨᠢ ᠬᠤᠶᠠᠷ ᠵᠠᠭᠤᠨ ᠤ ᠠᠭᠤᠯᠵᠠᠷ ᠤᠨ ᠴᠠᠭ ᠦᠶ᠎ᠡ ᠳᠤ ᠭᠠᠴᠠᠭ᠎ᠠ ᠲᠤᠰᠬᠤᠨ ᠤ ᠤᠯᠤᠰ ᠠᠴᠠ ᠡᠷᠬᠢᠯᠡᠭᠰᠡᠨ | ᠪᠠᠭ᠎ᠠ ᠰᠤᠷᠭᠠᠭᠤᠯᠢ ᠳᠤ ᠭᠠᠭᠴᠠᠬᠠᠨ ᠠᠩᠭᠢ ᠶᠢᠨ ᠬᠡᠷ ᠲᠤ ᠬᠤᠶᠠᠷ ᠠᠩᠭᠢ ᠶᠢᠨ ᠬᠡᠤᠬᠡᠳ ᠲᠤ ᠪᠠᠭᠰᠢᠯᠠᠵᠤ᠂ ᠲᠡᠷᠡ ᠤᠯᠠᠨ ᠬᠡᠤᠬᠡᠳ ᠤᠳ ᠠᠮᠢᠳᠤᠷᠠᠯ ᠭᠡᠳᠤᠶᠢᠪᠡᠷ | ᠵᠦᠳᠡᠬᠦᠭᠡᠨ ᠪᠠᠶᠢᠭᠰᠠᠨ ᠴᠤ ᠠᠵᠠ ᠵᠢᠷᠭᠠᠯ ᠢᠶᠠᠷ ᠲᠦᠬᠦᠷᠡᠩ ᠪᠠᠶᠢᠭᠰᠠᠨ ᠨᠢ ᠴᠤᠬᠤᠮ ᠴᠤ ︽ᠦᠯᠦᠰᠪᠡᠴᠤ ᠰᠡᠳᠬᠢᠯ ᠴᠠᠳᠬᠤᠯᠠᠩ᠂ ᠡᠪᠡᠳᠪᠡᠴᠤ ᠤᠬᠠᠭᠠᠨ | ᠡᠷᠡᠬᠦᠯ︾ ᠦᠰᠬᠦ ᠶᠢᠨ ᠰᠠᠭᠤᠷᠢ ᠪᠠᠶᠢᠭᠰᠠᠨ ᠪᠤᠯᠪᠠ ᠤᠤ︖ ᠡ᠊ᠨᠡ ᠬᠥᠮᠤᠨ ᠬᠤᠵᠢᠮ ᠨᠢ ᠬᠤᠰᠢᠭᠤᠨ ᠤ ᠪᠠᠭ᠎ᠠ ᠰᠤᠷᠭᠠᠭᠤᠯᠢ ᠳᠤ ᠰᠢᠯᠵᠢᠨ ᠢᠷᠡᠭᠰᠡᠨ ᠴᠤ | ᠦᠡᠭᠬᠡᠷᠡᠭᠰᠡᠨ ᠪᠠᠷᠢᠮᠲᠠᠯᠠᠯ ᠢᠶᠠᠨ ᠦᠷᠭᠦᠯᠵᠢᠯᠡᠭᠦᠯᠦᠭᠰᠡᠭᠡᠷ ᠢᠷᠡᠭᠰᠡᠨ ᠲᠤᠭᠴᠢ ᠯᠤᠪᠰᠠᠩ ᠪᠠᠭᠰᠢ ᠪᠢᠯᠡ︕ | | | | | ᠲᠠᠪᠬᠤᠷ ᠪᠦᠯᠦᠭᠳᠤ ᠠᠩᠭᠢ ᠪᠤᠶᠤ ᠬᠤᠶᠠᠷᠬᠠᠨ ᠠᠩᠭᠢ ᠶᠢᠨ ᠬᠡᠷ | | ᠲᠤᠭᠴᠢ ᠯᠤᠪᠰᠠᠩ ᠪᠠᠭᠰᠢ 1963 ᠤᠨ ᠳᠤ ᠦᠤᠰᠢᠨ ᠬᠤᠰᠢᠭᠤᠨ ᠤ ᠤᠤᠯ ᠤᠨ ᠨᠠᠷᠢᠨᠭᠤᠤᠯ ᠰᠢᠶᠠᠩ ᠤᠨ ᠮᠤᠤᠪᠤᠯᠠᠭ ᠲᠤᠰᠬᠤᠨ ᠤ ᠨᠢᠬᠡᠨ ᠮᠠᠯᠴᠢᠨ | ᠠᠶᠢᠯ ᠳᠤ ᠵᠠᠶᠠᠭᠠᠵᠠᠢ᠃ 1984 ᠤᠨ ᠳᠤ ᠯᠤᠪᠰᠠᠩ ᠪᠠᠭᠰᠢ ᠦᠨᠳᠦᠷ ᠲᠤᠮᠳᠠᠳᠤ ᠪᠠᠨ ᠲᠡᠭᠦᠰᠬᠡᠬᠡᠳ ᠲᠠᠷᠠᠭ᠎ᠠ ᠵᠢᠯ ᠨᠢ ᠤᠯᠤᠰ ᠠᠴᠠ ᠡᠷᠬᠢᠯᠡᠭᠰᠡᠨ ᠮᠤᠤᠪᠤᠯᠠᠭ | ᠪᠠᠭ᠎ᠠ ᠰᠤᠷᠭᠠᠭᠤᠯᠢ ᠳᠤ ᠪᠠᠭᠰᠢᠯᠠᠵᠤ ᠡᠬᠢᠯᠡᠵᠡᠢ᠃ ᠬᠠᠷᠢᠨ ᠲᠤᠰ ᠰᠤᠷᠭᠠᠭᠤᠯᠢ ᠨᠢ ᠦᠭᠡᠷ᠎ᠡ ᠪᠤᠰᠤᠳ ᠭᠠᠵᠠᠷ ᠤᠷᠤᠨ ᠤ ᠪᠠᠭ᠎ᠠ ᠰᠤᠷᠭᠠᠭᠤᠯᠢ ᠠᠴᠠ ᠤᠯᠠᠨ | ᠲᠠᠯ᠎ᠠ ᠪᠠᠷ ᠢᠯᠭᠠᠭ᠎ᠠ ᠲᠠᠢ ᠪᠠᠶᠢᠪᠠ᠃ ᠡᠬᠦᠨ ᠳᠤ ᠬᠠᠮᠤᠭ ᠤᠨᠴᠠᠭᠠᠢ ᠨᠢ ᠲᠤᠰ ᠰᠤᠷᠭᠠᠭᠤᠯᠢ ᠨᠢ ᠮᠤᠩᠭᠤᠯ ᠬᠢᠲᠠᠳ ᠬᠠᠮᠲᠤᠷᠠᠭᠰᠠᠨ ᠰᠤᠷᠭᠠᠭᠤᠯᠢ ᠪᠠᠶᠢᠵᠤ᠂ | ᠠᠷᠪᠠᠭᠠᠳ ᠪᠠᠭᠰᠢ᠂ ᠬᠤᠶᠠᠷ ᠵᠠᠭᠤ ᠭᠠᠷᠤᠢ ᠰᠤᠷᠤᠭᠴᠢ ᠲᠠᠢ᠂ ᠡᠬᠦᠨ ᠳᠤ ᠮᠤᠩᠭᠤᠯ ᠪᠠᠭᠰᠢ ᠬᠤᠶᠠᠷᠬᠠᠨ ᠪᠠᠶᠢᠭᠰᠠᠨ ᠠᠴᠠ ᠲᠡᠳᠡ ᠬᠡᠳᠦ ᠬᠡᠳᠦᠨ ᠬᠢᠴᠢᠶᠡᠯ | ᠲᠦᠷᠦᠯ ᠢ ᠵᠢᠭᠠᠳᠠᠭ᠃ ᠲᠤᠰ ᠰᠤᠷᠭᠠᠭᠤᠯᠢ ᠨᠢ ᠲᠤᠰᠬᠤᠨ ᠤ ᠪᠠᠭ᠎ᠠ ᠰᠤᠷᠭᠠᠭᠤᠯᠢ ᠪᠠᠶᠢᠵᠤ ᠮᠤᠩᠭᠤᠯ ᠰᠤᠷᠤᠭᠴᠢᠳ ᠤᠨ ᠲᠤᠭ᠎ᠠ ᠪᠠᠰᠠ ᠴᠦᠬᠡᠨ ᠪᠤᠯᠬᠤᠷ | ᠲᠠᠪᠬᠤᠷ ᠪᠦᠯᠦᠭᠳᠤ ᠠᠩᠭᠢ ᠡᠷᠬᠢᠯᠡᠨ ᠬᠢᠴᠢᠶᠡᠯᠯᠡᠵᠤ ᠪᠠᠶᠢᠯ᠎ᠠ᠃ ︽ᠲᠠᠪᠬᠤᠷ ᠪᠦᠯᠦᠭᠳᠤ ᠠᠩᠭᠢ ᠬᠡᠳᠡᠭ ᠨᠢ ᠨᠢᠬᠡ ᠠᠩᠭᠢ ᠶᠢᠨ ᠬᠡᠷ ᠲᠤ ᠬᠤᠶᠠᠷ ᠠᠩᠭᠢ ᠶᠢᠨ | ᠬᠡᠤᠬᠡᠳ ᠲᠤ ᠬᠢᠴᠢᠶᠡᠯ ᠤᠷᠤᠬᠤ ᠶᠢ ᠬᠡᠯᠡᠨ᠎ᠡ᠃ ᠲᠤᠬᠠᠢ ᠶᠢᠨ ᠦᠶ᠎ᠠ ᠳᠤ ᠮᠠᠨ ᠤ ᠰᠤᠷᠭᠠᠭᠤᠯᠢ ᠶᠢᠨ ᠪᠦᠬᠦ ᠮᠤᠩᠭᠤᠯ ᠰᠤᠷᠤᠭᠴᠢᠳ ᠪᠠᠷᠤᠭ ᠬᠤᠷᠢ ᠭᠠᠷᠤᠢ | ᠪᠠᠶᠢᠭᠰᠠᠨ᠂ ᠰᠤᠷᠤᠭᠴᠢ ᠶᠢᠨ ᠢᠷᠡᠯᠲᠡ ᠴᠥᠭᠡᠨ ᠤᠴᠢᠷ ᠠᠴᠠ ᠪᠢᠳᠠᠨᠤᠰ ᠵᠢᠯ ᠦᠨᠵᠢᠬᠡᠳ ᠨᠢᠬᠡ ᠠᠩᠭᠢ ᠡᠷᠬᠢᠯᠡᠳᠡᠭ᠂ ᠠᠩᠭᠢ ᠶᠢᠨ ᠬᠡᠷ ᠤᠨ ᠨᠦᠬᠦᠴᠡᠯ ᠴᠤ | ᠲᠤᠤᠷ᠎ᠠ ᠪᠠᠶᠢᠭᠰᠠᠨ ᠠᠴᠠ ᠮᠤᠩᠭᠤᠯ ᠰᠤᠷᠤᠭᠴᠢᠳ ᠲᠤ ᠬᠤᠶᠠᠷᠬᠠᠨ ᠠᠩᠭᠢ ᠶᠢᠨ ᠬᠡᠷ ᠲᠠᠢ ᠪᠠᠶᠢᠵᠤ᠂ ᠨᠢᠬᠡ ᠠᠩᠭᠢ ᠶᠢᠨ ᠬᠡᠷ ᠲᠤ ᠬᠤᠶᠠᠷ ᠤᠨ ᠤ ᠰᠤᠷᠤᠭᠴᠢᠳ ᠢ | ᠰᠠᠭᠤᠯᠭᠠᠨ ᠬᠢᠴᠢᠶᠡᠯᠯᠡᠳᠡᠭ᠃ 1993 ᠤᠨ ᠪᠤᠯᠬᠤ ᠳᠤ ᠮᠠᠨ ᠤ ᠪᠦᠰᠡᠬᠦᠢ ᠪᠠᠳᠮᠠᠴᠡᠴᠡᠭ ᠴᠤ ᠮᠠᠨ ᠤ ᠰᠤᠷᠭᠠᠭᠤᠯᠢ ᠳᠤ ᠢᠷᠡᠵᠤ ᠬᠢᠴᠢᠶᠡᠯ ᠵᠢᠭᠠᠵᠤ | ᠡᠬᠢᠯᠡᠭᠰᠡᠨ ᠠᠴᠠ ᠮᠠᠨ ᠤ ᠬᠤᠶᠠᠭᠤᠯᠠᠬᠠᠨ ᠢᠶᠠᠨ ᠲᠠᠪᠬᠤᠷ ᠪᠦᠯᠦᠭᠳᠤ ᠠᠩᠬᠢ ᠶᠢ 2002 ᠤᠨ ᠬᠦᠷᠲᠡᠯ᠎ᠡ ᠡᠷᠬᠢᠯᠡᠭᠰᠡᠨ︾ ᠬᠡᠵᠤ ᠯᠤᠪᠰᠠᠩ ᠪᠠᠭᠰᠢ ᠲᠤᠬᠠᠢ ᠶᠢᠨ | ᠦᠶ᠎ᠡ ᠶᠢᠨ ᠪᠠᠶᠢᠳᠠᠯ ᠢᠶᠠᠨ ᠲᠠᠨᠢᠯᠴᠠᠭᠤᠯᠤᠯ᠎ᠠ᠃ | | | | ᠲᠠᠪᠬᠤᠷ ᠪᠦᠯᠦᠭᠳᠤ ᠠᠩᠭᠢ ᠡᠷᠬᠢᠯᠡᠬᠦ ᠳᠤ ᠪᠠᠰᠠ ᠮᠡᠳᠡᠯᠬᠡ ᠶᠢᠨ ᠬᠦᠷᠢᠶ᠎ᠡ ᠬᠡᠪᠴᠢᠶ᠎ᠡ ᠦᠷᠬᠡᠨ ᠪᠠᠶᠢᠬᠤ ᠬᠡᠷᠡᠭᠲᠡᠢ ᠠᠵᠢ᠃ ᠯᠤᠪᠰᠠᠩ ᠪᠠᠭᠰᠢ ᠪᠦᠰᠡᠬᠦᠢ | ᠪᠠᠳᠮᠠᠴᠡᠴᠡᠭ ᠪᠠᠭᠰᠢ ᠲᠠᠢ ᠪᠠᠨ ᠪᠦᠬᠦ ᠮᠤᠩᠭᠤᠯ ᠰᠤᠷᠤᠭᠴᠢᠳ ᠲᠤ ᠭᠤᠤᠯ ᠬᠢᠴᠢᠶᠡᠯ ᠵᠢᠴᠢ ᠰᠤᠯᠠ ᠬᠢᠴᠢᠶᠡᠯ ᠵᠢᠭᠠᠬᠤ ᠶᠢᠨ ᠬᠠᠮᠲᠤ ᠪᠠᠰᠠ ᠲᠡᠷᠡ ᠤᠯᠠᠨ | ᠰᠤᠷᠤᠭᠴᠢᠳ ᠤᠨ ᠮᠡᠳᠡᠬᠦ ᠦᠭᠡᠢ ᠤᠶᠢᠯᠠᠭᠠᠬᠤ ᠦᠭᠡᠢ ᠬᠡᠰᠡᠨ ᠪᠦᠬᠦᠨ ᠳᠤ ᠬᠠᠷᠢᠭᠤᠯᠲᠠ ᠦᠭᠴᠦ ᠶᠠᠪᠤᠬᠤ ᠨᠢ ᠴᠤ ᠲᠡᠳᠡᠨ ᠤ ᠶᠠᠪᠤᠳᠠᠯ ᠪᠠᠶᠢᠯ᠎ᠠ᠃ ᠤᠴᠢᠷ ᠨᠢ | ᠲᠤᠰ ᠰᠤᠷᠭᠠᠭᠤᠯᠢ ᠳᠤ ᠭᠤᠷᠪᠠᠭ᠋ᠠᠨ ᠮᠤᠩᠭᠤᠯ ᠪᠠᠭᠰᠢ ᠪᠠᠶᠢᠵᠤ᠂ ᠲᠡᠳᠡ ᠬᠤᠶᠠᠭᠤᠯᠠ ᠠᠴᠠ ᠭᠠᠳᠠᠨ᠎ᠠ ᠪᠠᠰᠠ ᠨᠢᠬᠡ ᠮᠤᠩᠭᠤᠯ ᠪᠠᠭᠰᠢ ᠨᠢ ᠠᠨᠢᠶ᠎ᠠ ᠪᠠᠭᠰᠢ ︵ | ᠪᠠᠶᠢᠷᠢ ᠶᠢᠨ ᠬᠡᠷ ᠤᠨ ᠠᠰᠠᠷᠠᠭᠴᠢ︶ ᠪᠤᠯᠬᠤᠷ ᠰᠤᠷᠤᠭᠴᠢ ᠬᠡᠤᠬᠡᠳ ᠤᠨ ᠮᠡᠳᠡᠶ᠎ᠡ ᠬᠡᠰᠡᠨ ᠪᠦᠬᠦᠨ ᠢ ᠵᠦᠪᠬᠡᠨ ᠲᠡᠳᠡ ᠬᠤᠶᠠᠭᠤᠯᠠᠬᠠᠨ ᠢᠶᠠᠨ ᠬᠡᠯᠡᠵᠤ ᠮᠡᠳᠡᠬᠦᠯᠬᠦ | ᠬᠡᠷᠡᠭᠲᠡᠢ ᠪᠠᠶᠢᠵᠠᠢ᠃ ᠢᠡᠭᠭᠢᠭᠡᠳ ᠯᠠ ᠲᠠᠯᠠᠢ ᠪᠠᠶᠠᠨ ᠡᠷᠳᠡᠮ ᠮᠡᠳᠡᠯᠭᠡ ᠪᠠᠨ ᠲᠠᠶᠠᠭᠠᠷ ᠤᠨ ᠬᠡᠤᠭᠡᠳ ᠲᠤ ᠬᠠᠷᠠᠮ ᠦᠭᠡᠢ ᠶᠡᠬᠦᠯᠡᠵᠥ᠂ ᠦᠷᠤᠭᠡᠯ ᠤᠨ ᠬᠡᠤᠭᠡᠳ ᠲᠤ | ᠦᠷᠤᠴᠡᠨ ᠤ ᠬᠠᠶᠢᠷ᠎ᠠ ᠪᠠᠨ ᠡᠷᠬᠦᠵᠥ᠂ ᠦᠪ ᠰᠤᠶᠤᠯ᠂ ᠦᠨᠳᠤᠰᠤᠳᠡᠨ ᠤ ᠬᠡᠯᠡ ᠮᠢᠨᠢ ᠬᠡᠵᠤ ᠵᠠᠯᠠᠭᠤ ᠬᠠᠯᠠᠭᠤᠨ ᠨᠠᠰᠤ ᠪᠠᠨ ᠰᠤᠷᠭᠠᠨ ᠬᠦᠮᠦᠵᠢᠯ ᠤᠨ | ᠦᠢᠯᠡᠰ ᠲᠤ ᠵᠤᠷᠢᠭᠤᠯᠤᠭᠰᠠᠨ ᠲᠡᠳᠡᠨ ᠤ ᠠᠵᠢᠯ ᠦᠢᠯᠡᠰ ᠡᠬᠦᠨ ᠢᠶᠠᠷ ᠵᠤᠭᠰᠤᠭ᠎ᠠ ᠦᠭᠡᠢ᠃ ᠮᠤᠤᠪᠤᠯᠠᠭ ᠲᠤᠰᠬᠤᠨ ᠨᠢ ᠲᠤᠬᠠᠢ ᠶᠢᠨ ᠦᠶ᠎ᠠ ᠳᠤ ᠨᠡᠯᠢᠶᠡᠳ bt365备用网址_365国际体育官网_365bet体育在线投注官网 | ᠶᠠᠳᠠᠭᠤᠬᠠᠨ ᠪᠠᠶᠢᠭᠰᠠᠨ ᠠᠴᠠ ᠰᠤᠷᠭᠠᠭᠤᠯᠢ ᠳᠤ ᠪᠠᠶᠢᠭ᠎ᠠ ᠰᠤᠷᠤᠭᠴᠢᠳ ᠤᠨ ᠵᠠᠷᠢᠮ ᠨᠢ ᠢᠳᠡᠬᠦ ᠡᠮᠦᠰᠬᠦ ᠳᠡᠭᠡᠨ ᠴᠤ ᠠᠨᠠᠢ ᠪᠤᠯᠬᠤᠷ ᠯᠤᠪᠰᠠᠩ ᠪᠠᠭᠰᠢ ᠮᠠᠨᠢ | ᠦᠪᠡᠷ ᠤᠨ ᠴᠠᠯᠢᠩ ᠠᠴᠠ ᠪᠠᠨ ᠪᠠᠭ᠎ᠠ ᠰᠠᠭ᠎ᠠ ᠭᠠᠷᠭᠠᠵᠤ ᠶᠠᠳᠠᠭᠤ ᠬᠦᠴᠢᠷᠳᠡᠯᠲᠡᠢ ᠬᠡᠤᠬᠡᠳ ᠤᠳ ᠢ ᠲᠤᠰᠠᠯᠠᠨ ᠳᠡᠮᠵᠢᠳᠡᠭ ᠪᠠᠶᠢᠯ᠎ᠠ᠃ ᠨᠡᠩ ᠴᠤ 1996 ᠤᠨ | ᠪᠤᠯᠬᠤ ᠳᠤ ᠮᠤᠤᠪᠤᠯᠠᠭ ᠲᠤᠰᠬᠤᠨ ᠠᠴᠠ ᠤᠶᠢᠷ᠎ᠠ ᠪᠠᠶᠢᠭ᠎ᠠ ᠲᠠᠯ᠎ᠠ ᠶᠢᠨ ᠤᠰᠤ ᠭᠠᠴᠠᠭᠠᠨ ᠤ ᠪᠠᠭ᠎ᠠ ᠰᠤᠷᠭᠠᠭᠤᠯᠢ ᠪᠠ ᠲᠦᠡᠭᠽᠢ ᠭᠠᠴᠠᠭᠠᠨ ᠤ ᠪᠠᠭ᠎ᠠ | ᠰᠤᠷᠭᠠᠭᠤᠯᠢ ᠶᠢ ᠡᠷᠬᠢᠯᠡᠬᠦ ᠦᠭᠡᠢ ᠪᠤᠯᠤᠭᠰᠠᠨ ᠠᠴᠠ ᠲᠡᠨᠳᠡᠬᠢ ᠵᠠᠷᠢᠮ ᠬᠡᠤᠬᠡᠳ ᠮᠤᠤᠪᠤᠯᠠᠭ ᠪᠠᠭ᠎ᠠ ᠰᠤᠷᠭᠠᠭᠤᠯᠢ ᠳᠤ ᠢᠷᠡᠵᠤ ᠰᠤᠷᠤᠯᠴᠠᠵᠠᠢ᠃ ᠡ᠊ᠨᠡ ᠦᠶ᠎ᠡ | ᠪᠤᠯᠬᠤ ᠳᠤ ᠮᠤᠤᠪᠤᠯᠠᠭ ᠪᠠᠭ᠎ᠠ ᠰᠤᠷᠭᠠᠭᠤᠯᠢ ᠳᠠᠬᠢ ᠮᠤᠩᠭᠤᠯ ᠰᠤᠷᠤᠭᠴᠢᠳ ᠤᠨ ᠲᠤᠭ᠎ᠠ ᠨᠢ ᠨᠡᠮᠡᠭᠳᠡᠬᠡᠳ ᠲᠠᠪᠢ ᠭᠠᠷᠤᠢ ᠪᠤᠯᠤᠭᠰᠠᠨ ᠴᠤ ᠪᠠᠭᠰᠢ ᠨᠢ ᠬᠠᠷᠢᠨ | ᠨᠡᠮᠡᠭᠳᠡᠭᠰᠡᠨ ᠦᠭᠡᠢ ᠪᠤᠯᠬᠤᠷ ᠭᠤᠷᠪᠠᠭ᠋ᠠᠨ ᠮᠤᠩᠭᠤᠯ ᠪᠠᠭᠰᠢ ᠮᠠᠨᠢ ᠴᠤᠬᠤᠮ ᠴᠤ ᠪᠦᠬᠦ ᠰᠡᠳᠬᠢᠯ ᠪᠥᠬᠦ ᠵᠤᠷᠢᠭ ᠢᠶᠠᠷ ᠢᠶᠠᠨ ᠲᠡᠷᠡ ᠤᠯᠠᠨ ᠬᠡᠤᠬᠡᠳ ᠤᠨ ᠰᠤᠷᠤᠯᠭ᠎ᠠ | ᠬᠢᠴᠢᠶᠡᠯ ᠠᠴᠠ ᠡᠬᠢᠯᠡᠬᠡᠳ ᠢᠳᠡᠬᠦ ᠡᠮᠦᠰᠬᠦ ᠶᠢ ᠬᠦᠷᠲᠡᠯ᠎ᠡ ᠠᠩᠬᠠᠷᠤᠨ᠂ ᠠᠯᠢ ᠠᠯᠢᠨ ᠢ ᠴᠤ ᠲᠤᠳᠠᠭᠤᠯᠤᠯ ᠦᠭᠡᠢ ᠮᠦᠷᠦ ᠪᠦᠲᠦᠨ ᠰᠡᠳᠬᠢᠯ ᠴᠠᠳᠬᠤᠯᠠᠩ | ᠰᠤᠷᠭᠠᠭᠤᠯᠢ ᠶᠢᠨ ᠬᠦᠷᠢᠶᠡᠨ ᠤ ᠠᠮᠢᠳᠤᠷᠠᠯ ᠢ ᠡᠳ᠋ᠯᠡᠭᠦᠯᠦᠭᠰᠡᠨ ᠨᠢ ᠪᠠᠭ᠋ᠠᠷᠬᠠᠯᠲᠠᠢ︕ ᠲᠤᠳᠤᠷᠠᠭᠤᠯᠵᠤ ᠬᠡᠯᠡᠬᠦ ᠠᠴᠠ ᠯᠤᠪᠰᠠᠩ ᠪᠠᠭᠰᠢ ᠮᠠᠨᠢ 1988 ᠤᠨ ᠠᠴᠠ | 1990 ᠤᠨ ᠤ ᠬᠤᠭᠤᠷᠤᠨᠲᠤ ᠤᠤᠯ ᠤᠨ ᠶᠡᠭᠡ ᠵᠤᠤ ᠠᠶᠢᠮᠠᠭ ᠤᠨ ᠦᠨᠳᠦᠰᠦᠲᠡᠨ ᠤ ᠪᠠᠭᠰᠢ ᠶᠢᠨ ᠰᠤᠷᠭᠠᠭᠤᠯᠢ ᠶᠢᠨ ᠲᠠᠪᠲᠠᠨ ᠪᠤᠯᠪᠠᠰᠤᠷᠠᠭᠤᠯᠬᠤ ᠠᠩᠭᠢ ᠳᠤ | ᠰᠤᠷᠤᠯᠴᠠᠨ ᠦᠪᠡᠷ ᠤᠨ ᠡᠷᠳᠡᠮ ᠮᠡᠳᠡᠯᠬᠡ ᠪᠠᠨ ᠨᠡᠩ ᠦᠷᠬᠡᠳᠬᠡᠵᠤ᠂ ᠦᠷᠦᠬᠡᠯ ᠤᠨ ᠤᠯᠠᠨ ᠬᠡᠤᠬᠡᠳ ᠲᠤ ᠰᠤᠷᠤᠭᠰᠠᠨ ᠮᠡᠳᠡᠭᠰᠡᠨ ᠢᠶᠠᠨ ᠶᠡᠬᠦᠯᠡᠵᠤ ᠶᠠᠪᠤᠭᠰᠠᠨ ᠨᠢ | ᠦᠨᠡᠨ᠃ ᠬᠠᠷᠢᠨ 2002 ᠤᠨ ᠪᠤᠯᠬᠤ ᠳᠤ ᠮᠤᠤᠪᠤᠯᠠᠭ ᠪᠠᠭ᠎ᠠ ᠰᠤᠷᠭᠠᠭᠤᠯᠢ ᠲᠡᠤᠬᠡ ᠶᠢᠨ ᠲᠠᠪᠴᠠᠩ ᠠᠴᠠ ᠠᠶᠠᠷᠯᠠᠨ᠂ ᠬᠤᠰᠢᠭᠤ ᠱᠠᠲᠤᠨ ᠤ ᠪᠠᠭ᠎ᠠ | ᠰᠤᠷᠭᠠᠭᠤᠯᠢ ᠲᠠᠢ ᠨᠡᠶᠢᠯᠡᠬᠦ ᠳᠤ ᠯᠤᠪᠰᠠᠩ ᠪᠠᠭᠰᠢ ᠴᠤ ᠠᠵᠢᠯ ᠰᠢᠯᠵᠢᠨ ᠦᠤᠰᠢᠨ ᠬᠤᠰᠢᠭᠤᠨ ᠤ ᠮᠤᠩᠭᠤᠯ ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠢᠷᠡᠵᠤ | ᠪᠠᠭᠰᠢᠯᠠᠭᠰᠠᠨ ᠪᠠᠶᠢᠨ᠎ᠠ᠃ | ᠤᠷᠠᠨ ᠪᠦᠲᠦᠬᠡᠯ ᠤᠨ ᠲᠡᠬᠡᠵᠢ ᠪᠤᠶᠤ ᠴᠢᠮᠡᠬᠡᠯᠡᠭᠴᠢ ᠶᠢᠨ ᠬᠠᠷᠭᠤᠢ | | 1987 ᠤᠨ ᠨᠢ ᠯᠤᠪᠰᠠᠩ ᠪᠠᠭᠰᠢ ᠳᠤ ᠠᠪᠴᠤ ᠬᠡᠯᠡᠪᠡᠯ ᠪᠠᠰᠠ ᠴᠤ ᠶᠡᠭᠡ ᠲᠤᠷᠠᠳᠬᠠᠯ ᠲᠠᠢ ᠮᠦᠷᠲᠡᠭᠡᠨ ᠪᠠᠶᠠᠷᠯᠠᠭᠤᠰᠢᠲᠠᠢ ᠵᠢᠯ ᠪᠠᠶᠢᠯ᠎ᠠ᠃ ᠲᠤᠬᠠᠢ ᠶᠢᠨ | ᠦᠶ᠎ᠡ ᠶᠢᠨ ᠤᠷᠳᠤᠰ ᠤᠨ ᠡᠳᠦᠷ ᠤᠨ ᠰᠤᠨᠢᠨ ᠳᠤ ᠠᠵᠢᠯ ᠠᠯᠪᠠ ᠲᠠᠢ ᠨᠠᠷᠠᠨᠳᠠᠯᠡᠢ ᠪᠤᠯ ᠲᠡᠭᠦᠨ ᠤ ᠬᠠᠮᠲᠤ ᠰᠤᠷᠤᠭᠴᠢ ᠶᠤᠮ᠃ ᠲᠤᠰ ᠵᠢᠯ ᠲᠡᠷᠡ ᠬᠡᠨᠡᠳᠲᠡ ᠶᠢᠨ | ᠤᠴᠠᠷᠠᠯ ᠢᠶᠠᠷ ᠨᠠᠷᠠᠨᠳᠠᠯᠡᠢ ᠲᠠᠢ ᠠᠭᠤᠯᠵᠠᠭᠠᠳ᠂ ᠶᠠᠷᠢᠯᠴᠠᠨ ᠰᠠᠭᠤᠬᠤ ᠵᠠᠪᠰᠠᠷ ᠲᠡᠭᠦᠨ ᠢ ᠠᠵᠢᠯ ᠤᠨ ᠴᠢᠯᠦᠭᠡ ᠵᠠᠪ ᠢᠶᠠᠷ ᠢᠶᠠᠨ ᠪᠠᠭ᠎ᠠ ᠰᠠᠭ᠎ᠠ ᠤᠷᠠᠨ ᠪᠦᠲᠦᠬᠡᠯ | ᠶᠤᠮ ᠤᠤ ᠡᠰᠡᠬᠦᠯ᠎ᠡ ᠰᠤᠷᠪᠤᠯᠵᠢᠯᠠᠭ᠎ᠠ ᠴᠢᠮᠡᠬᠡᠯᠡᠯ ᠪᠢᠴᠢᠵᠤ ᠤᠷᠳᠤᠰ ᠤᠨ ᠡᠳᠦᠷ ᠤᠨ ᠰᠤᠨᠢᠨ ᠳᠤ ᠨᠡᠶᠢᠲᠡᠯᠡᠵᠤ ᠪᠤᠯᠤᠨ᠎ᠠ ᠬᠡᠰᠡᠨ ᠳᠤ ᠯᠤᠪᠰᠠᠩ ᠪᠠᠭᠰᠢ ᠪᠢᠷ | ᠠᠳᠬᠤᠨ ᠤᠷᠠᠨ ᠵᠤᠬᠢᠶᠠᠯ ᠤᠨ ᠬᠦᠷᠢᠶᠡᠨ ᠳᠤ ᠤᠬᠠᠭᠠᠨ ᠢᠶᠠᠨ ᠰᠦᠢᠭ᠌ᠰᠠᠨ ᠤᠴᠢᠷᠲᠡᠢ᠃ ᠲᠡᠷᠡ ᠴᠠᠭ ᠲᠤ ᠤᠷᠳᠤᠰ ᠤᠨ ᠡᠳᠦᠷ ᠤᠨ ᠰᠤᠨᠢᠨ ᠤ ᠤᠷᠠᠨ | ᠵᠤᠬᠢᠶᠠᠯ ᠤᠨ ᠪᠤᠯᠤᠩ ᠢ ᠤᠶᠤᠨᠳᠠᠯᠠᠢ ᠬᠡᠰᠡᠨ ᠬᠦᠮᠦᠨ ᠨᠠᠶᠢᠷᠠᠭᠤᠯᠵᠤ᠂ ᠯᠤᠪᠰᠠᠩ ᠪᠠᠭᠰᠢ ᠬᠠᠮᠲᠤ ᠰᠤᠷᠤᠯᠭᠠᠲᠠᠨ ᠨᠠᠷᠠᠨᠳᠠᠯᠠᠢ ᠶᠢᠨ ᠵᠤᠷᠢᠭᠵᠢᠭᠤᠯᠤᠯ ᠵᠢᠴᠢ | ᠲᠠᠨᠢᠯᠴᠠᠭᠤᠯᠭ᠎ᠠ ᠪᠠᠷ ᠤᠶᠤᠨᠳᠠᠯᠠᠢ ᠪᠠᠭᠰᠢ ᠲᠠᠢ ᠲᠠᠨᠢᠯᠴᠠᠨ᠂ 1987 ᠤᠨ ᠤ 4 ᠰᠠᠷ᠎ᠠ ᠶᠢᠨ 24 ᠳᠤ ᠦᠪᠡᠷ ᠤᠨ ᠠᠩᠬᠠᠨ ᠤ ᠤᠷᠠᠨ ᠪᠦᠲᠦᠬᠡᠯ ︽ᠰᠢᠯᠦᠭ ᠪᠢ︾ | ᠪᠠᠨ ᠤᠷᠳᠤᠰ ᠤᠨ ᠡᠳᠦᠷ ᠤᠨ ᠰᠤᠨᠢᠨ ᠳᠤ ᠨᠡᠶᠢᠳᠡᠯᠡᠭᠦᠯᠦᠭᠰᠡᠨ ᠪᠠᠶᠢᠯ᠎ᠠ᠃ ᠢᠡᠭᠭᠢᠭᠡᠳ ᠯᠠ ᠲᠡᠷᠡ ᠮᠠᠨᠢ ᠵᠤᠷᠢᠭ ᠤᠷᠤᠵᠤ᠂ ᠤᠷᠠᠨ ᠪᠦᠲᠦᠬᠡᠯ ᠤᠨ ᠵᠡᠮ ᠢᠶᠠᠷ | ᠰᠢᠭᠤᠷᠬᠠᠢ ᠵᠠᠮᠨᠠᠬᠤ ᠪᠠᠷ ᠪᠢᠷ ᠤᠨ ᠦᠵᠦᠬᠦᠷ ᠢᠶᠠᠨ ᠬᠤᠷᠴᠠᠯᠠᠨ ᠨᠡᠩ ᠤᠯᠠᠨ ᠤᠷᠠᠨ ᠪᠦᠲᠦᠬᠡᠯ ᠪᠢᠴᠢᠵᠤ ᠡᠬᠢᠯᠡᠵᠡᠢ᠃ ᠲᠤᠰ ᠵᠢᠯ ᠤᠨ 7 ᠰᠠᠷ᠎ᠠ ᠶᠢᠨ 25 ᠳᠤ | ᠤᠤᠭᠠᠨ ᠨᠠᠶᠢᠷᠠᠭᠤᠯᠤᠯ ︽ᠠᠷᠴᠠ — ︿ᠦᠤᠰᠢᠨ ᠬᠡᠤᠬᠡᠨ﹀︾ ᠨᠢ ᠪᠠᠰᠠ ᠰᠤᠨᠢᠨ ᠳᠤ ᠨᠡᠶᠢᠲᠡᠯᠡᠭᠳᠡᠵᠡᠢ᠃ | ᠯᠤᠪᠰᠠᠩ ᠪᠠᠭᠰᠢ ᠲᠠᠢ ᠶᠠᠷᠢᠯᠴᠠᠨ ᠵᠤᠭᠤᠭᠳᠠᠬᠤ ᠵᠠᠪᠰᠠᠷ ᠲᠡᠭᠦᠨ ᠤ ᠨᠤᠮ ᠤᠨ ᠲᠠᠯᠪᠢᠭᠤᠷ ᠲᠤ ᠶᠡᠭᠡ ᠤᠯᠠᠨ ᠬᠠᠭᠤᠴᠢᠨ ᠲᠡᠮᠲᠡᠭᠯᠡᠯ ᠬᠤᠷᠢᠶᠠᠭᠳᠠᠨ | ᠪᠠᠶᠢᠬᠤ ᠶᠢ ᠦᠵᠡᠯ᠎ᠡ᠃ ᠡᠳᠡᠭᠡᠷ ᠨᠢ ᠴᠦᠮ ᠲᠡᠭᠦᠨ ᠤ ᠨᠠᠶᠠᠭᠠᠳ ᠤᠨ ᠤ ᠦᠶ᠎ᠡ ᠳᠤ ᠡᠯ᠎ᠡ ᠰᠤᠨᠢᠨ ᠰᠡᠳᠬᠦᠯ ᠳᠤ ᠨᠡᠶᠢᠳᠡᠯᠡᠭᠦᠯᠦᠭᠰᠡᠨ ᠵᠤᠬᠢᠶᠠᠯ ᠪᠦᠲᠦᠬᠡᠯ ᠢᠶᠠᠨ | ᠬᠠᠶᠢᠴᠢᠯᠠᠵᠤ ᠠᠪᠤᠭᠠᠳ ᠲᠡᠮᠲᠡᠭᠯᠡᠯ ᠤᠨ ᠲᠠᠪᠲᠠᠷ ᠲᠤ ᠨᠠᠭᠠᠵᠤ ᠲᠠᠯᠪᠢᠭᠰᠠᠨ ︽ᠬᠠᠭᠤᠴᠢ ᠡᠷᠳᠡᠨᠢ︾ ᠪᠠᠶᠢᠯ᠎ᠠ᠃ ᠲᠡᠭᠦᠨ ᠤ ᠲᠤᠳᠤᠷᠠᠬᠢ ᠨᠢᠬᠡᠨ ᠲᠡᠪᠲᠡᠷ ᠢ | ᠤᠷᠪᠠᠭᠤᠯᠤᠨ ᠦᠵᠡᠪᠡᠰᠤ ᠠᠩᠬᠠᠨ ᠤ ᠬᠠᠭᠤᠳᠠᠰᠤᠨ ᠳᠤ ︽1987 ᠤᠨ ᠳᠤ ᠤᠷᠳᠤᠰ ᠤᠨ ᠰᠤᠨᠢᠨ ᠳᠤ ᠨᠡᠶᠢᠲᠡᠯᠡᠭᠰᠡᠨ ᠡᠬᠡ ᠪᠢᠴᠢᠭ ᠤᠳ ᠪᠤᠯᠤᠨ᠎ᠠ᠃ ︵ᠲᠤᠰ | ᠵᠢᠯ ᠨᠡᠶᠢᠲᠡ 62 ᠡᠬᠡ ᠪᠢᠴᠢᠭ ᠢᠯᠡᠬᠡᠵᠤ᠂ 43% ᠨᠢ ᠨᠡᠶᠢᠲᠡᠯᠡᠭᠳᠡᠪᠡ︶ ᠤᠯᠠᠭᠠᠭᠴᠢᠨ ᠲᠠᠤᠯᠢ ᠵᠢᠯ ᠳᠤ︾ ᠬᠡᠮᠡᠨ ᠬᠦᠭᠡ ᠪᠤᠲᠤᠭᠲᠤ ᠪᠤᠯᠤᠳ ᠪᠢᠷ ᠢᠶᠠᠷ | ᠪᠢᠴᠢᠭᠯᠡᠭᠰᠡᠨ ᠨᠢ ᠬᠠᠷᠠᠭᠳᠠᠨ᠎ᠠ᠃ ᠲᠤᠳᠤᠷ᠎ᠠ ᠨᠢ ᠵᠢᠭᠠᠬᠠᠨ ᠲᠦᠷᠪᠡᠯᠵᠢᠨ ᠢᠶᠠᠷ ᠬᠠᠶᠢᠴᠢᠯᠠᠵᠤ ᠠᠪᠤᠭᠰᠠᠨ ᠰᠤᠨᠢᠨ ᠤ ᠬᠠᠭᠤᠳᠠᠰᠤ ᠬᠠᠷᠠᠭᠳᠠᠬᠤ ᠪᠦᠭᠡᠳ ᠲᠡᠭᠦᠨ | ᠲᠡᠭᠡᠷ᠎ᠡ ᠰᠢᠯᠦᠭ᠂ ᠨᠠᠶᠢᠷᠠᠭᠤᠯᠤᠯ᠂ ᠮᠡᠳᠡᠬᠡᠯᠡᠯ᠂ ᠴᠢᠮᠡᠬᠡᠯᠡᠯ ᠪᠠᠶᠢᠵᠤ᠂ ᠬᠠᠵᠠᠭᠤ ᠳᠤ ᠨᠢ ᠠᠯᠢ ᠰᠠᠷ᠎ᠠ ᠶᠢᠨ ᠠᠯᠢ ᠡᠳᠦᠷ ᠬᠡᠮᠡᠨ ᠲᠤᠳᠤᠷᠬᠠᠢ ᠲᠡᠮᠲᠡᠭᠯᠡᠨ ᠲᠠᠯᠪᠢᠵᠠᠢ᠃ | ᠮᠦᠨ ᠴᠤ ᠵᠠᠷᠢᠮ ᠬᠠᠭᠤᠳᠠᠰᠤᠨ ᠤ ᠠᠷᠤ ᠭᠡᠰᠡᠭ ᠲᠤ ︽ᠨᠤᠮ — ᠪᠢᠳᠠᠭᠤ ᠮᠤᠩᠬᠠᠭ ᠢ ᠵᠠᠰᠠᠬᠤ ᠡᠮᠴᠢ᠂ ᠨᠤᠮ — ᠤᠬᠠᠭ᠎ᠠ ᠤᠷᠭᠤᠭᠤᠯᠬᠤ ᠸᠢᠲ᠋ᠠᠮᠢᠨ᠂ | ᠨᠤᠮ — ᠰᠤᠨᠢᠨ ᠰᠠᠶᠢᠬᠠᠨ ᠦᠵᠡᠰᠬᠦᠯᠡᠩ︾ ᠬᠡᠮᠡᠨ ᠲᠠᠳᠠᠯᠠᠭᠠᠨ ᠪᠢᠴᠢᠭ ᠢᠶᠠᠷ ᠪᠢᠴᠢᠭᠰᠡᠨ ᠨᠢ ᠨᠡᠩ ᠰᠤᠳᠤᠨ ᠰᠠᠶᠢᠬᠠᠨ ᠰᠠᠨᠠᠭᠳᠠᠨ᠎ᠠ᠃ | | | | | | ᠤᠷᠠᠨ ᠢᠷᠠᠭᠤ ᠦᠬᠡᠰ ᠤᠨ ᠬᠡᠯᠬᠢᠶ᠎ᠡ᠂ ᠤᠬᠠᠭᠠᠨ ᠪᠤᠳᠤᠯ ᠤᠨ ᠴᠢᠨᠠᠲᠤ ᠬᠢᠵᠠᠭᠠᠷ ᠢ ᠵᠤᠷᠢᠭᠰᠠᠨ ᠠᠲᠠᠯ᠎ᠠ ᠪᠠᠨ ᠠᠮᠢᠳᠤᠷᠠᠯ ᠤᠨ ᠠᠶᠢᠵᠠᠮ ᠬᠦᠭ ᠢ ᠴᠢᠪᠬᠠᠳᠠᠨ | ᠦᠬᠦᠯᠡᠵᠤ ᠴᠢᠳᠠᠭᠰᠠᠨ ᠯᠤᠪᠰᠠᠩ ᠪᠠᠭᠰᠢ ᠶᠢᠨ ᠰᠢᠯᠦᠭ ᠨᠠᠶᠢᠷᠠᠭ ᠡᠶᠢᠨ ᠬᠦ ᠤᠶᠢᠯᠤᠨ ᠴᠠᠯᠬᠢᠯᠠᠵᠤ᠂ ᠤᠷᠳᠤᠰ ᠤᠨ ᠡᠳᠦᠷ ᠤᠨ ᠰᠤᠨᠢᠨ ᠠᠴᠠ ᠭᠠᠳᠠᠨ᠎ᠠ ᠪᠠᠰᠠ ᠠᠯᠢ | ᠤᠯᠠᠨ ᠰᠡᠳᠬᠦᠯ ᠰᠤᠨᠢᠨ ᠳᠤ ᠤᠬᠤᠷᠬᠠᠨ ᠬᠡᠳᠦᠨ ᠵᠢᠯ ᠤᠨ ᠲᠤᠳᠤᠷ᠎ᠠ ᠤᠯᠠᠨ ᠴᠤ ᠨᠡᠶᠢᠲᠡᠯᠡᠭᠳᠡᠨ ᠭᠠᠷᠴᠠᠢ᠃ ᠡᠬᠦᠨ ᠲᠠᠢ ᠵᠡᠷᠭᠡᠴᠡᠭᠡᠳ ᠯᠤᠪᠰᠠᠩ ᠪᠠᠭᠰᠢ ᠪᠠᠰᠠ | ᠴᠢ᠊ · ᠨᠠᠴᠢᠨ ᠬᠡᠬᠦ ᠪᠢᠷ ᠤᠨ ᠨᠡᠷ᠎ᠡ ᠬᠡᠷᠡᠭᠯᠡᠨ᠂ ᠤᠯᠠᠨ ᠴᠤ ᠵᠤᠬᠢᠶᠠᠯ ᠪᠦᠲᠦᠬᠡᠯ ᠢᠶᠠᠨ ᠪᠢᠴᠢᠵᠤ ᠶᠠᠪᠤᠵᠠᠢ᠃ ᠬᠦᠮᠦᠨ ᠤ ᠬᠦᠳᠡᠯᠮᠦᠷᠢ ᠬᠦᠴᠦ ᠡᠬᠦᠷᠢᠳᠡ ᠲᠠᠯᠠᠭᠠᠷ | ᠪᠠᠶᠢᠳᠠᠭ ᠦᠭᠡᠢ ᠶᠢᠨ ᠤᠴᠢᠷ 1989 ᠤᠨ ᠳᠤ ᠲᠡᠭᠦᠨ ᠤ ᠪᠢᠴᠢᠭᠰᠡᠨ ︽ᠵᠠᠯᠠᠭᠤ ᠶᠢᠨ ᠰᠠᠶᠢᠬᠠᠨ ᠬᠤᠷᠸ᠎ᠠ ᠳᠤ︾ ᠬᠡᠬᠦ ᠡᠬᠡ ᠪᠢᠴᠢᠭ ᠨᠢ ᠤᠷᠳᠤᠰ ᠤᠨ | ᠡᠳᠦᠷ ᠤᠨ ᠰᠤᠨᠢᠨ ᠤ ᠰᠠᠶᠢᠨ ᠰᠤᠨᠢᠨ ᠮᠡᠳᠡᠬᠡᠨ ᠳᠤ ᠤᠷᠤᠵᠤ᠂ ᠭᠤᠴᠢᠨ ᠲᠦᠬᠦᠷᠢᠭ ᠤᠨ ᠱᠠᠩᠨᠠᠯ ᠤᠯᠤᠭᠰᠠᠨ ᠪᠠᠶᠢᠯ᠎ᠠ᠃ ᠡᠬᠦᠨ ᠢᠶᠠᠨ ᠲᠡᠷᠡ ᠮᠠᠨᠢ ᠮᠦᠨ ᠴᠤ | ᠲᠡᠮᠲᠡᠭᠯᠡᠯ ᠤᠨ ᠲᠡᠪᠲᠡᠷ ᠲᠡᠭᠡᠷ᠎ᠡ ᠪᠠᠨ ᠨᠠᠭᠠᠵᠤ ᠲᠠᠯᠪᠢᠭᠰᠠᠨ ᠪᠦᠬᠡᠳ ᠲᠤᠳᠤᠷᠬᠠᠶᠢᠯᠠᠯ ᠢᠶᠠᠨ ᠬᠠᠵᠠᠭᠤ ᠳᠤ ᠨᠢ ᠤᠯᠠᠭᠠᠨ ᠢᠶᠠᠷ ᠪᠢᠴᠢᠵᠤ ᠦᠯᠡᠳᠡᠬᠡᠵᠡᠢ᠃ | ᠲᠡᠬᠦᠨᠴᠢᠯᠡᠨ ᠪᠢᠴᠢᠭᠰᠡᠭᠡᠷ 2001 ᠤᠨ ᠪᠤᠯᠬᠤ ᠳᠤ ᠯᠤᠪᠰᠠᠩ ᠪᠠᠭᠰᠢ ᠦᠪᠡᠷ ᠤᠨ ᠦᠡᠭᠬᠡᠷᠡᠭᠰᠡᠨ ᠳᠤ ᠪᠢᠴᠢᠭᠰᠡᠨ ᠰᠢᠯᠦᠭ ᠨᠠᠶᠢᠷᠠᠭ ᠵᠢᠴᠢ ᠵᠢᠭᠠᠨ | ᠵᠢᠯᠤᠭᠤᠳᠤᠭᠰᠠᠨ ᠰᠤᠷᠤᠭᠴᠢᠳ ᠤᠨ ᠪᠦᠲᠦᠬᠡᠯ ᠢ ᠬᠠᠮᠲᠤᠷᠠᠭᠤᠯᠤᠨ ︽ᠬᠤᠶᠠᠷ ᠬᠤᠷᠤᠭᠤ ᠪᠤᠷᠤᠭᠠᠨ︾ ᠬᠡᠬᠦ ᠨᠤᠮ ᠢᠶᠠᠨ ᠬᠡᠪᠯᠡᠭᠦᠯᠦᠭᠰᠡᠨ ᠪᠠᠶᠢᠨ᠎ᠠ᠃ ᠡᠨᠡ ᠦᠶ᠎ᠡ | ᠪᠤᠯᠬᠤ ᠳᠤ ᠯᠤᠪᠰᠠᠩ ᠪᠠᠭᠰᠢ ᠶᠢᠨ ᠵᠤᠬᠢᠶᠠᠯ ᠪᠦᠲᠦᠬᠡᠯ ︽ᠦᠪᠦᠷ ᠮᠤᠩᠭᠤᠯ ᠤᠨ ᠪᠠᠭᠠᠴᠤᠳ ᠤᠨ ᠰᠤᠨᠢᠨ︾᠂ ︽ᠦᠪᠦᠷ ᠮᠤᠩᠭᠤᠯ ᠤᠨ ᠡᠳᠦᠷ ᠤᠨ ᠰᠤᠨᠢᠨ︾ | ᠂ ︽ ᠦᠪᠦᠷ ᠮᠤᠩᠭᠤᠯ ᠤᠨ ᠰᠤᠷᠭᠠᠨ ᠬᠦᠮᠦᠵᠢᠯ︾᠂ ︽ᠠᠯᠲᠠᠨ ᠭᠠᠨᠳᠠᠷᠢ︾᠂ ︽ᠤᠯᠠᠨ ᠬᠤᠷᠠᠬᠤ︾ ᠵᠡᠷᠭᠡ ᠪᠠᠷ ᠬᠠᠭᠤᠳᠠᠰᠤ ᠡᠵᠡᠯᠡᠵᠤ ᠶᠠᠪᠤᠭᠰᠠᠨ ᠪᠠᠶᠢᠪᠠ᠃ | ᠬᠠᠷᠢᠨ 2002 ᠤᠨ ᠪᠤᠯᠬᠤ ᠳᠤ ᠯᠤᠪᠰᠠᠩ ᠪᠠᠭᠰᠢ ᠨᠢᠬᠡᠨᠲᠡ ᠦᠤᠰᠢᠨ ᠬᠤᠰᠢᠭᠤᠨ ᠤ ᠮᠤᠩᠭᠤᠯ ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠠᠵᠢᠯ ᠰᠢᠯᠵᠢᠨ | ᠢᠷᠡᠭᠰᠡᠨ ᠪᠤᠯᠬᠤᠷ ᠬᠢᠴᠢᠶᠡᠯ ᠰᠤᠷᠤᠯᠭ᠎ᠠ᠂ ᠰᠤᠷᠭᠠᠨ ᠬᠦᠮᠦᠵᠢᠯ ᠤᠨ ᠠᠵᠢᠯ ᠦᠢᠯᠡᠰ ᠲᠤ ᠨᠡᠯᠢᠶᠡᠳ ᠶᠠᠭᠠᠷᠠᠤ ᠪᠤᠯᠵᠤ ᠵᠤᠬᠢᠶᠠᠨ ᠪᠢᠴᠢᠯᠬᠡ ᠪᠠᠨ ᠬᠡᠰᠡᠭ | ᠬᠤᠭᠤᠴᠠᠭ᠎ᠠ ᠵᠤᠭᠰᠤᠭᠠᠭᠰᠠᠨ ᠨᠢ ᠦᠨᠡᠨ᠃ ᠬᠡᠪᠡᠴᠤ ᠠᠯᠲᠠ ᠪᠤᠯ ᠬᠡᠵᠢᠶᠡᠳᠡ ᠪᠠᠨ ᠠᠷᠭᠠᠯ ᠤᠨ ᠲᠤᠮᠳᠠ ᠨᠢᠭᠤᠭᠳᠠᠭᠰᠠᠨ ᠴᠤ ᠦᠡᠭᠬᠡᠲᠤ ᠬᠢᠯᠪᠠᠭ᠎ᠠ ᠪᠠᠨ | ᠰᠠᠴᠤᠷᠠᠭᠤᠯᠤᠨ ᠪᠠᠶᠢᠳᠠᠭ ᠨᠢ ᠨᠡᠩ ᠦᠨᠡᠨ᠃ | | | | | | | 2015 ᠤᠨ ᠪᠤᠯᠬᠤ ᠳᠤ ᠯᠤᠪᠰᠠᠩ ᠪᠠᠭᠰᠢ ᠪᠢᠷ ᠢᠶᠠᠨ ᠲᠠᠬᠢᠨ ᠠᠳᠬᠤᠵᠤ᠂ ᠰᠢᠯᠦᠭ ᠨᠠᠶᠢᠷᠠᠭ᠂ ᠤᠷᠠᠨ ᠵᠤᠬᠢᠶᠠᠯ ᠢᠶᠠᠨ ᠳᠠᠬᠢᠨ ᠬᠦᠨᠴᠡ ᠲᠠᠢ | ᠤᠷᠤᠯᠳᠤᠵᠤ ᠡᠬᠢᠯᠡᠭᠰᠡᠨ ᠨᠢ ᠪᠠᠶᠠᠷᠯᠠᠭᠤᠰᠢᠲᠠᠢ᠃ ᠡᠨᠡ ᠴᠠᠭ ᠦᠶ᠎ᠡ ᠳᠤ ᠬᠤᠯᠪᠤᠭ᠎ᠠ ᠰᠦᠯᠵᠢᠶ᠎ᠠ ᠶᠡᠭᠡᠳᠡ ᠲᠦᠬᠡᠮᠡᠯᠵᠢᠨ᠂ ᠲᠤᠮᠳᠠᠳᠤ ᠤᠯᠤᠰ ᠤᠨ ᠬᠡᠪᠴᠢᠶᠡᠨ ᠳᠤ | ᠡᠯ᠎ᠡ ᠭᠠᠵᠠᠷ ᠤᠷᠤᠨ ᠤ ᠮᠤᠩᠭᠤᠯ ᠰᠤᠨᠢᠨ ᠰᠡᠳᠬᠦᠯ ᠢ ᠸᠢᠴᠠᠲ ᠪᠠᠷ ᠴᠢᠯᠦᠭᠡᠳᠠᠢ ᠦᠵᠡᠵᠤ ᠪᠤᠯᠬᠤ ᠮᠦᠷᠲᠡᠬᠡᠨ ᠵᠤᠬᠢᠶᠠᠯ ᠪᠦᠲᠦᠬᠡᠯ ᠢᠶᠠᠨ ᠨᠡᠶᠢᠲᠡᠯᠡᠬᠦᠯᠬᠦ ᠳᠤ | ᠤᠤᠯ ᠤᠨ ᠠᠳᠠᠯᠢ ᠴᠠᠭᠠᠰᠤᠨ ᠳᠤ ᠪᠢᠴᠢᠭᠯᠡᠨ᠂ ᠰᠢᠤᠳᠠᠨ ᠢᠶᠠᠷ ᠭᠤᠪᠢᠭᠤᠯᠬᠤ ᠦᠭᠡᠢ ᠪᠤᠯᠤᠭᠰᠠᠨ ᠠᠴᠠ ᠲᠡᠭᠦᠨ ᠳᠤ ᠨᠡᠩ ᠲᠦᠬᠦᠮ ᠪᠤᠯᠤᠭᠰᠠᠨ ᠪᠠᠶᠢᠪᠠ᠃ ᠶᠠᠭ | ᠡᠶᠢᠮᠤ ᠠᠴᠠ ᠲᠡᠷᠡ ᠤᠷᠢᠳ ᠬᠤᠵᠢᠳ ᠬᠤᠰᠢᠭᠤ ᠱᠠᠲᠤᠨ ᠤ ᠷᠠᠳᠢᠣ᠋ ᠲᠧᠯᠸᠢᠰ ᠠᠴᠠ ᠠᠪᠤᠭᠠᠳ ᠤᠷᠳᠤᠰ ᠤᠨ ᠡᠳᠦᠷ ᠤᠨ ᠰᠤᠨᠢᠨ᠂ ᠦᠪᠦᠷ ᠮᠤᠩᠭᠤᠯ ᠤᠨ | ᠡᠳᠦᠷ ᠤᠨ ᠰᠤᠨᠢᠨ᠂ ᠤᠷᠤᠭ ᠬᠡᠷ ᠪᠦᠯᠢ ᠨᠡᠶᠢᠬᠡᠮ ᠰᠡᠳᠬᠦᠯ ᠤᠨ ᠤᠨᠴᠠ ᠤᠷᠢᠭᠰᠠᠨ ᠴᠢᠮᠡᠬᠡᠯᠡᠭᠴᠢ᠂ ᠰᠤᠷᠪᠤᠯᠵᠢᠯᠠᠭᠴᠢ ᠪᠤᠯᠵᠤ ᠤᠯᠠᠨᠳᠠ ᠰᠢᠯᠢᠳᠡᠭ | ᠴᠢᠮᠡᠬᠡᠯᠡᠭᠴᠢ ᠪᠠᠷ ᠱᠠᠩᠨᠠᠭᠳᠠᠵᠠᠢ᠃ 2004 ᠤᠨ ᠳᠤ ︽ᠲᠤᠮᠳᠠᠳᠤ ᠤᠯᠤᠰ ᠤᠨ ᠮᠤᠩᠭᠤᠯ ᠦᠨᠳᠦᠰᠦᠲᠡᠨ ᠤ ᠤᠳᠤ ᠦᠶ᠎ᠡ ᠶᠢᠨ ᠰᠤᠷᠭᠠᠨ ᠬᠦᠮᠦᠵᠢᠯ ᠤᠨ | ᠵᠢᠳᠬᠦᠯᠲᠡᠨ ᠤ ᠲᠤᠮᠤ ᠲᠤᠯᠢ︾ ᠳᠤ ᠨᠡᠷ᠎ᠡ ᠨᠢ ᠪᠢᠴᠢᠭᠳᠡᠵᠤ᠂ 2018 ᠤᠨ ᠳᠤ ᠲᠡᠭᠦᠨ ᠤ ᠪᠢᠴᠢᠭᠰᠡᠨ ︽ ᠡᠬᠡ ᠬᠡᠯᠡ ᠪᠠᠨ ᠪᠢ︾ ᠬᠡᠬᠦ ᠰᠢᠯᠦᠭ ᠨᠢ ᠮᠤᠩᠭᠤᠯ | ᠤᠯᠤᠰ ᠤᠨ ︽ᠪᠢᠳᠠᠨ ᠤ ᠮᠤᠩᠭᠤᠯ ᠬᠡᠯᠡ ᠪᠢᠴᠢᠭ︾ ᠬᠡᠬᠦ ᠲᠡᠬᠦᠪᠦᠷᠢ ᠳᠤ ᠰᠤᠩᠭᠤᠭᠳᠠᠨ᠂ 2021 ᠤᠨ ᠳᠤ ᠮᠤᠩᠭᠤᠯ ᠤᠯᠤᠰ ᠤᠨ ︽ᠦᠯᠡᠮᠵᠢ ᠶᠢᠨ ᠰᠠᠶᠢᠬᠠᠨ | ᠬᠠᠨᠢ︾ ᠶᠢᠨ ᠡᠷᠬᠦᠮᠵᠢᠯᠡᠯ᠂ 2022 ᠤᠨ ᠳᠤ ︽ᠰᠤᠶᠤᠯ ᠤᠨ ᠭᠠᠪᠢᠶᠠᠲᠤ︾ ᠤᠳᠤᠨ ᠤ ᠱᠠᠩᠨᠠᠯ ᠢ ᠬᠦᠷᠲᠡᠭᠰᠡᠨ ᠪᠢᠯᠡ᠃ 2015 ᠤᠨ ᠠᠴᠠ ᠤᠳᠤ | ᠪᠤᠯᠲᠠᠯ᠎ᠠ ᠲᠡᠭᠦᠨ ᠤ ᠪᠢᠴᠢᠵᠤ ᠨᠡᠶᠢᠳᠡᠯᠡᠭᠦᠯᠦᠭᠰᠡᠨ ᠡᠬᠡ ᠪᠢᠴᠢᠭ ᠤᠨ ᠲᠤᠭ᠎ᠠ 800 ᠢᠯᠡᠬᠦᠦ ᠪᠤᠯᠵᠤ᠂ ︽ᠴᠠᠶᠢᠳᠠᠮ ᠤᠨ ᠰᠤᠨᠢᠨ︾᠂ ︽ᠦᠨᠢᠷ ᠴᠡᠴᠡᠭ︾ | ᠰᠡᠳᠬᠦᠯ ᠪᠠ ︽ᠦᠨᠳᠦᠰᠦᠲᠡᠨ ᠤ ᠤᠳᠬ᠎ᠠ ᠵᠤᠬᠢᠶᠠᠯ︾ ᠠᠴᠠ ᠭᠠᠳᠠᠨ᠎ᠠ ᠨᠠᠢᠮᠠᠨ ᠮᠤᠵᠢ ᠤᠷᠤᠨ ᠤ ᠪᠦᠬᠦ ᠮᠤᠩᠭᠤᠯ ᠰᠤᠨᠢᠨ ᠰᠡᠳᠬᠦᠯ ᠳᠤ ᠡᠬᠡ ᠪᠢᠴᠢᠭ ᠢᠶᠠᠨ | ᠨᠡᠶᠢᠲᠡᠯᠡᠬᠦᠯᠵᠤ ᠦᠡᠭᠬᠡᠷᠡᠭᠰᠡᠨ ᠪᠠᠶᠢᠯ᠎ᠠ᠃ ᠦᠨᠡᠬᠡᠷᠡᠨ ᠴᠤ ᠲᠡᠭᠦᠨ ᠤ ᠨᠤᠮ ᠤᠨ ᠬᠤᠷᠭᠤᠨ ᠳᠤ ᠨᠡᠶᠢᠲᠡᠯᠡᠭᠳᠡᠵᠤ ᠦᠡᠭᠬᠡᠷᠡᠭᠰᠡᠨ ᠵᠤᠬᠢᠶᠠᠯ ᠲᠠᠢ ᠡᠯ᠎ᠡ ᠮᠤᠩᠭᠤᠯ | ᠰᠤᠨᠢᠨ ᠰᠡᠳᠬᠦᠯ ᠵᠢᠭᠳᠡᠷᠡᠵᠤ ᠪᠠᠶᠢᠭᠰᠠᠨ ᠠᠴᠠ ᠦᠵᠡᠬᠦ ᠳᠤ ᠲᠡᠷᠡ ᠮᠠᠨᠢ ᠬᠢᠴᠢᠶᠡᠯ ᠰᠤᠷᠤᠯᠭ᠎ᠠ ᠶᠢᠨ ᠴᠢᠯᠦᠭᠡ ᠪᠠᠷ ᠢᠶᠠᠨ ᠦᠷᠬᠦᠯᠵᠢ ᠨᠤᠮ ᠪᠢᠴᠢᠭ ᠲᠠᠢ ᠬᠠᠨᠢᠯᠠᠨ᠂ | ᠪᠢᠷ ᠪᠡᠬᠡᠰ ᠲᠠᠢ ᠨᠤᠴᠤᠯᠳᠤᠵᠤ ᠶᠠᠪᠤᠳᠠᠭ ᠤᠨ ᠬᠢᠨᠢ ᠢᠯᠡᠷᠡᠯ ᠪᠤᠶᠤ᠃ ᠮᠦᠨ ᠤᠷᠴᠢᠮ ᠤᠨ ᠵᠢᠯ ᠤᠳ ᠲᠤ ᠲᠡᠭᠦᠨ ᠤ ᠪᠢᠴᠢᠭᠰᠡᠨ ᠨᠡᠯᠢᠶᠡᠳ ᠲᠤᠭᠠᠨ ᠤ ᠵᠤᠬᠢᠶᠠᠯ | ᠪᠦᠲᠦᠬᠡᠯ ᠢ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠨᠢᠭᠲᠠ ᠠᠵᠢᠭᠯᠠᠨ ᠪᠠᠶᠢᠭᠰᠠᠭᠠᠷ ᠯᠤᠪᠰᠠᠩ ᠪᠠᠭᠰᠢ ᠶᠢ ᠡᠷᠢᠨ ᠢᠷᠡᠵᠤ ︽ | ᠲᠤᠭᠴᠢ ᠯᠤᠪᠰᠠᠩ ᠤᠨ ᠰᠢᠯᠦᠭ ᠤᠨ ᠲᠡᠬᠦᠪᠦᠷᠢ︾ ᠬᠡᠬᠦ ᠨᠤᠮ ᠪᠤᠯᠭᠠᠬᠤ ᠪᠠᠷ ᠠᠵᠢᠯᠯᠠᠵᠤ ᠡᠬᠢᠯᠡᠭᠰᠡᠨ ᠪᠠᠶᠢᠪᠠ᠃ ᠬᠠᠷᠠᠮᠰᠠᠯᠲᠠᠢ ᠨᠢ ᠬᠢᠵᠢᠭ ᠳᠠᠬᠤᠯ ᠤᠨ | ᠨᠦᠯᠦᠭᠡ ᠠᠴᠠ ᠪᠤᠯᠵᠤ ᠡ᠊ᠨᠡ ᠤᠴᠢᠷ ᠨᠢ ᠬᠤᠶᠢᠰᠢᠯᠠᠭᠳᠠᠨ ᠪᠠᠶᠢᠭᠰᠠᠭᠠᠷ ᠡᠳᠦᠬᠡ ᠬᠦᠷᠴᠡᠢ᠃ ᠬᠡᠪᠡᠴᠤ ︽ᠤᠳᠠᠬᠤ ᠠᠴᠠ ᠲᠤᠳᠠᠬᠤ ᠦᠭᠡᠢ︾ ᠬᠡᠳᠡᠭ ᠤᠨ | ᠵᠢᠮ᠎ᠡ ᠪᠠᠷ ᠠᠯᠢ ᠨᠢᠬᠡ ᠡᠳᠦᠷ ᠤᠡᠭᠰᠢᠬᠴᠢᠳ ᠤᠨ ᠬᠠᠷᠠᠭᠠᠨ ᠳᠤ ᠡ᠊ᠨᠡ ᠨᠤᠮ ᠨᠢ ᠲᠡᠯᠭᠡᠭᠳᠡᠬᠦ ᠨᠢ ᠶᠠᠷᠢᠶᠠᠨ ᠦᠭᠡᠢ᠃ | ᠤᠨᠴᠠᠯᠠᠵᠤ ᠦᠬᠦᠯᠡᠬᠦ ᠠᠴᠠ ᠯᠤᠪᠰᠠᠩ ᠪᠠᠭᠰᠢ ᠶᠢᠨ ᠪᠢᠴᠢᠭᠰᠡᠨ ᠲᠡᠳᠡᠭᠡᠷ ᠤᠯᠠᠨ ᠤᠷᠠᠨ ᠪᠦᠲᠦᠬᠡᠯ ᠤᠨ ᠳᠡᠬᠡᠵᠢ ᠠᠴᠠ ᠬᠡᠰᠡᠭ ᠪᠦᠯᠦᠭ ᠨᠢ ᠡᠯ᠎ᠡ | ᠵᠦᠢᠯ ᠤᠨ ᠱᠠᠩᠨᠠᠯ ᠬᠦᠬᠢᠭᠦᠯᠤᠯ ᠤᠯᠤᠭᠰᠠᠨ ᠤ ᠬᠡᠷᠡᠴᠢ ᠨᠢ ᠨᠤᠮ ᠤᠨ ᠲᠠᠯᠪᠢᠭᠤᠷ ᠲᠤ ᠪᠠᠶᠢᠭ᠎ᠠ ᠤᠯᠠᠭᠠᠨ ᠦᠡᠭᠬᠡᠲᠤ ᠢᠷᠠᠭᠤ ᠠᠯᠳᠠᠷ ᠤᠨ ᠦᠨᠡᠮᠯᠡᠯ ᠪᠠᠶᠢᠯ᠎ᠠ᠃ | ᠲᠡᠪᠡᠷᠢᠵᠤ ᠪᠠᠭᠲᠠᠵᠤ ᠶᠠᠳᠠᠮ᠎ᠠ ᠲᠡᠶᠢᠮᠤ ᠤᠯᠠᠨ ᠢᠷᠠᠭᠤ ᠠᠯᠳᠠᠷ ᠤᠨ ᠦᠨᠡᠮᠯᠡᠯ ᠲᠠᠢ ᠠᠲᠠᠯ᠎ᠠ ᠪᠠᠨ ︽ᠪᠡᠶ᠎ᠡ ᠪᠠᠨ ᠡᠷᠬᠦᠵᠤ ᠪᠢ ᠬᠡᠮᠡᠭᠰᠡᠨ ᠦᠭᠡᠢ︾ ᠲᠠᠷᠤᠤ | ᠬᠢᠴᠢᠶᠡᠩᠭᠦᠢ ᠪᠠᠷ ᠬᠢᠳᠡᠭ ᠢᠶᠠᠨ ᠬᠢᠭᠰᠡᠭᠡᠷ ᠪᠠᠶᠢᠭ᠎ᠠ ᠡ᠊ᠨᠡ ᠪᠠᠭᠰᠢ ᠦᠨᠡᠨ ᠴᠤ ᠪᠠᠭ᠋ᠠᠷᠬᠠᠯ ᠢ ᠲᠠᠳᠠᠨ᠎ᠠ᠃ ᠵᠡᠷᠭᠡᠴᠡᠭᠡᠳ ᠪᠠᠰᠠ ᠲᠡᠭᠦᠨ ᠤ ᠨᠡᠶᠢᠲᠡᠯᠡᠭᠰᠡᠨ ᠵᠠᠷᠢᠮ | ᠵᠤᠬᠢᠶᠠᠯ ᠪᠦᠲᠦᠬᠡᠯ ᠨᠢ ᠸᠢᠴᠠᠲ ᠤᠨ ᠤᠯᠠᠨ ᠨᠡᠶᠢᠲᠡ ᠶᠢᠨ ᠲᠡᠪᠴᠠᠩ ᠳᠤ ᠶᠡᠬᠡᠬᠡᠨ ᠬᠠᠯᠠᠭᠤᠷᠠᠯ ᠲᠠᠢ ᠪᠠᠶᠢᠵᠤ᠂ ᠬᠡᠳᠦᠨ ᠲᠦᠮᠡ ᠶᠢᠨ ᠲᠠᠷᠤᠮ ᠤᠨ ᠲᠤᠭ᠎ᠠ ᠲᠠᠢ | ᠬᠠᠷᠠᠭᠳᠠᠨ᠎ᠠ᠃ ᠶᠠᠭ ᠡᠶᠢᠮᠤ ᠪᠠᠶᠢᠭᠰᠠᠨ ᠠᠴᠠ ᠯᠤᠪᠰᠠᠩ ᠪᠠᠭᠰᠢ ᠦᠤᠰᠢᠨ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠨᠠᠢᠮᠠ᠂ ᠶᠢᠰᠦᠳᠦᠭᠡᠷ | ᠬᠤᠭᠤᠴᠠᠭᠠᠨ ᠤ ᠬᠡᠰᠢᠬᠦᠨ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠤᠰᠢᠨ ᠬᠤᠰᠢᠭᠤᠨ ᠤ ᠲᠦᠯᠦᠭᠡᠯᠡᠭᠴᠢᠳ ᠤᠨ ᠶᠡᠭᠡ ᠬᠤᠷᠠᠯ ᠤᠨ ᠠᠷᠪᠠᠨ bt365备用网址_365国际体育官网_365bet体育在线投注官网 | ᠬᠤᠶᠠᠳᠤᠭᠠᠷ ᠤᠳᠠᠭᠠᠨ ᠤ ᠲᠦᠯᠦᠭᠡᠯᠡᠭᠴᠢ ᠪᠠᠷ ᠰᠤᠩᠭᠤᠭᠳᠠᠵᠤ᠂ ᠦᠤᠰᠢᠨ ᠬᠤᠰᠢᠭᠤᠨ ᠤ ᠵᠤᠬᠢᠶᠠᠯᠴᠢᠳ ᠤᠨ ᠡᠪᠯᠡᠯ ᠤᠨ ᠬᠡᠷᠡᠭ ᠮᠡᠳᠡᠭᠴᠢ ᠪᠠ ᠮᠤᠩᠭᠤᠯ ᠬᠡᠯᠡ | ᠰᠤᠶᠤᠯ ᠤᠨ ᠨᠠᠶᠢᠬᠡᠮᠯᠢᠭ ᠤᠨ ᠬᠡᠰᠢᠬᠦᠨ᠂ ᠦᠪᠤᠷ ᠮᠤᠩᠭᠤᠯ ᠤᠨ ᠵᠤᠬᠢᠶᠠᠯᠴᠢᠳ ᠤᠨ ᠨᠡᠶᠢᠬᠡᠮᠯᠢᠭ ᠤᠨ ᠬᠡᠰᠢᠬᠦᠨ ᠵᠡᠷᠬᠡ ᠨᠠᠷ᠎ᠡ ᠨᠢᠳᠡᠷ ᠲᠡᠭᠡᠨ ᠲᠡᠩᠴᠡᠭᠰᠡᠨ | ᠨᠠᠶᠢᠬᠡᠮ ᠤᠨ ᠡᠬᠦᠷᠬᠡ ᠲᠤᠰᠢᠶᠠᠯ ᠲᠠᠢ ᠬᠢᠯᠠᠷᠠᠭᠤᠯᠵᠤ ᠶᠠᠪᠤᠨ᠎ᠠ᠃ | 1700 ᠭᠠᠷᠤᠢ ᠵᠤᠬᠢᠶᠠᠯ ᠵᠢᠴᠢ ᠵᠢᠭᠠᠨ ᠵᠢᠯᠤᠭᠤᠳᠤᠯᠭ᠎ᠠ | ᠯᠤᠪᠰᠠᠩ ᠪᠠᠭᠰᠢ ᠭᠠᠭᠴᠠ ᠦᠪᠡᠷ ᠢᠶᠠᠨ ᠵᠤᠬᠢᠶᠠᠯ ᠪᠦᠲᠦᠬᠡᠯ ᠪᠢᠴᠢᠵᠤ ᠨᠡᠶᠢᠲᠡᠯᠡᠭᠡᠳ ᠤᠳᠤ ᠪᠤᠯᠭᠠᠯ᠎ᠠ ᠬᠡᠪᠡᠯ ᠦᠷᠦᠬᠡᠰᠦᠯ ᠦᠵᠡᠯᠲᠡ ᠪᠠᠶᠢᠵᠤ ᠲᠠᠭᠠᠷᠠᠨ᠎ᠠ᠃ | ᠲᠡᠷᠡ ᠦᠪᠡᠷ ᠢᠶᠠᠨ ᠢᠡᠭᠭᠢᠵᠤ ᠰᠠᠶᠢᠨ ᠪᠢᠴᠢᠵᠤ ᠶᠠᠪᠤᠭᠰᠠᠨ ᠢᠶᠠᠷ ᠪᠠᠷᠠᠬᠤ ᠦᠭᠡᠢ ᠦᠷᠦᠬᠡᠯ ᠤᠨ ᠬᠡᠤᠬᠡᠳ ᠢ ᠵᠢᠭᠠᠨ ᠰᠤᠷᠭᠠᠬᠤ ᠶᠢᠨ ᠵᠠᠪᠰᠠᠷ ᠲᠡᠷᠡ ᠤᠯᠠᠨ | ᠬᠡᠤᠬᠡᠳ ᠢ ᠤᠷᠠᠨ ᠵᠤᠬᠢᠶᠠᠯ ᠤᠨ ᠠᠮᠲᠠᠨ ᠳᠤᠨᠢ ᠤᠷᠤᠭᠤᠯᠵᠤ᠂ ᠲᠡᠳᠡᠨ ᠤ ᠵᠤᠬᠢᠶᠠᠯ ᠪᠦᠲᠦᠬᠡᠯ ᠢ ᠨᠠᠷᠢᠨ ᠨᠢᠮᠪᠡᠢ ᠵᠠᠰᠠᠵᠤ ᠵᠠᠯᠠᠷᠠᠭᠤᠯᠤᠨ᠂ ᠲᠡᠭᠦᠨ ᠤ | ᠲᠤᠳᠤᠷ᠎ᠠ ᠠᠴᠠ ᠰᠢᠯᠢᠳᠡᠭ ᠬᠡᠵᠤ ᠦᠨᠡᠯᠡᠭᠰᠡᠨ ᠪᠦᠲᠦᠬᠡᠯ ᠢ ᠨᠢ ᠪᠠᠰᠠ ᠨᠠᠶᠢᠮᠨᠨ ᠮᠤᠵᠢ ᠤᠷᠤᠨ ᠤ ᠮᠤᠩᠭᠤᠯ ᠰᠤᠨᠢᠨ ᠰᠡᠳᠬᠦᠯ ᠳᠤ ᠨᠡᠶᠢᠲᠡᠯᠡᠬᠦᠯᠵᠤ ᠶᠠᠪᠤᠭᠰᠠᠨ | ᠪᠠᠶᠢᠨ᠎ᠠ᠃ | | | | | | | | 1995 ᠤᠨ ᠳᠤ ᠯᠤᠪᠰᠠᠩ ᠪᠠᠭᠰᠢ ᠶᠢᠨ ᠰᠤᠷᠤᠭᠴᠢ ᠤᠷᠠᠨᠰᠤᠲᠤ ︽ᠴᠠᠰᠤᠨ ᠪᠠᠶᠢᠯᠳᠤᠭᠠᠨ︾ ᠬᠡᠬᠦ ᠰᠢᠯᠦᠭ ᠢᠶᠠᠨ ᠲᠡᠭᠦᠨ ᠢᠶᠠᠷ ᠵᠠᠰᠠᠭᠤᠯᠵᠤ᠂ ᠦᠪᠦᠷ | ᠮᠤᠩᠭᠤᠯ ᠤᠨ ᠪᠠᠭᠠᠴᠤᠳ ᠤᠨ ᠰᠤᠨᠢᠨ ᠳᠤ ᠨᠡᠶᠢᠳᠡᠯᠡᠭᠦᠯᠦᠭᠰᠡᠨ ᠠᠴᠠ ᠲᠡᠷᠡ ᠮᠠᠨᠢ ᠡᠳᠡᠬᠡᠷ ᠤᠯᠠᠨ ᠰᠤᠷᠤᠭᠴᠢᠳ ᠤᠨ ᠤᠷᠠᠨ ᠵᠤᠬᠢᠶᠠᠯ ᠪᠢᠴᠢᠬᠦ ᠤᠷᠮ᠎ᠠ | ᠵᠤᠷᠢᠭ ᠢ ᠨᠢ ᠬᠦᠪᠴᠢᠯᠡᠨ᠂ ᠬᠡᠤᠬᠡᠳ ᠤᠳ ᠤᠨ ᠢᠶᠠᠨ ᠵᠤᠬᠢᠶᠠᠯ ᠢ ᠵᠠᠰᠠᠨ ᠵᠢᠯᠤᠭᠤᠳᠴᠤ᠂ ᠰᠠᠶᠢᠨ ᠬᠡᠵᠤ ᠪᠤᠳᠤᠭᠰᠠᠨ ᠢᠶᠠᠨ ᠰᠤᠨᠢᠨ ᠰᠡᠳᠬᠦᠯ ᠳᠤ ᠭᠤᠪᠢᠭᠤᠯᠳᠠᠭ | ᠪᠠᠶᠢᠯ᠎ᠠ᠃ ︽ ᠲᠡᠷᠡ ᠵᠢᠯ ᠦᠪᠦᠷ ᠮᠤᠩᠭᠤᠯ ᠤᠨ ᠪᠠᠭᠠᠴᠤᠳ ᠤᠨ ᠰᠤᠨᠢᠨ ᠤ ᠰᠧᠷᠡᠩᠨᠤᠷᠪᠤ ᠪᠠᠭᠰᠢ ᠲᠠᠢ ᠠᠵᠠ ᠪᠠᠷ ᠠᠭᠤᠯᠵᠠᠭᠠᠳ ᠲᠡᠭᠦᠨ ᠲᠠᠢ ᠵᠤᠭᠤᠭᠳᠠᠬᠤ | ᠲᠤᠮᠳᠠ ᠰᠤᠷᠤᠭᠴᠢᠳ ᠤᠨ ᠵᠤᠬᠢᠶᠠᠯ ᠢ ᠲᠡᠳᠡᠨ ᠤ ᠰᠤᠨᠢᠨ ᠲᠡᠭᠡᠷ᠎ᠡ ᠨᠡᠶᠢᠲᠡᠯᠡᠳᠡᠭ ᠬᠡᠰᠡᠨ ᠢ ᠰᠤᠨᠤᠰᠤᠭᠠᠳ ᠮᠠᠨ ᠤ ᠮᠤᠤᠪᠤᠯᠠᠭ ᠪᠠᠭ᠎ᠠ ᠰᠤᠷᠭᠠᠭᠤᠯᠢ ᠶᠢᠨ | ᠰᠤᠷᠤᠭᠴᠢᠳ ᠤᠨ ᠵᠤᠬᠢᠶᠠᠯ ᠢ ᠨᠠᠷᠢᠨ ᠨᠢᠮᠪᠠᠢ ᠵᠠᠰᠠᠭᠠᠳ ᠭᠤᠪᠢᠭᠤᠯᠵᠤ ᠦᠭᠳᠡᠭ᠂ ᠲᠡᠷᠡ ᠦᠶ᠎ᠡ ᠳᠤ ᠰᠤᠨᠢᠨ ᠰᠡᠳᠬᠦᠯ ᠲᠡᠭᠡᠷ᠎ᠡ ᠦᠪᠡᠷ ᠤᠨ ᠬᠢᠨᠢ ᠵᠤᠬᠢᠶᠠᠯ | ᠭᠠᠷᠤᠭᠰᠠᠨ ᠢ ᠦᠵᠡᠪᠡᠯ ᠰᠤᠷᠤᠭᠴᠢᠳ ᠮᠠᠨᠢ ᠬᠦᠯ ᠬᠦᠭᠡᠷᠴᠡᠭ ᠪᠤᠯᠵᠤ ᠰᠦᠷᠡᠬᠡᠢ ᠪᠠᠶᠠᠷᠯᠠᠳᠠᠭ᠂ ᠶᠠᠭ ᠯᠠ ᠠᠩᠭᠠᠵᠤ ᠴᠠᠩᠭᠠᠭᠰᠠᠨ ᠬᠦᠮᠦᠨ ᠤᠰᠤ ᠤᠯᠵᠤ | ᠤᠤᠭᠤᠯᠭᠠᠭᠰᠠᠨ ᠲᠠᠢ ᠠᠳᠠᠯᠢ ᠲᠡᠶᠢᠮᠤ ᠶᠡᠭᠡ ᠪᠠᠶᠠᠷᠯᠠᠬᠤ ᠰᠡᠳᠬᠢᠯᠬᠡ ᠶᠢ ᠦᠬᠡ ᠪᠠᠷ ᠢᠯᠡᠳᠬᠡᠬᠦ ᠳᠤ ᠬᠦᠴᠢᠷᠳᠡᠵᠤ ᠪᠠᠶᠢᠨ᠎ᠠ᠂ ᠢᠡᠭᠭᠢᠬᠡᠳ ᠯᠠ ᠮᠠᠨ ᠤ | ᠰᠤᠷᠭᠠᠭᠤᠯᠢ ᠶᠢᠨ ᠬᠡᠤᠬᠡᠳ ᠤᠳ ᠤᠨ ᠵᠤᠬᠢᠶᠠᠯ ᠠᠴᠠ ᠰᠠᠶᠢᠨ ᠬᠡᠵᠤ ᠪᠤᠳᠤᠭᠰᠠᠨ ᠢᠶᠠᠨ ᠵᠠᠰᠠᠭᠠᠳ ᠯᠠ ᠶᠠᠪᠤᠭᠤᠯᠵᠤ ᠦᠭᠳᠡᠭ᠂ ᠲᠡᠶᠢᠮᠤ ᠴᠤ ᠤᠴᠢᠷ ᠠᠴᠠ | ᠰᠤᠷᠭᠠᠭᠤᠯᠢ ᠶᠢᠨ ᠬᠦᠷᠢᠶᠡᠨ ᠳᠤ ᠰᠤᠷᠤᠭᠴᠢᠳ ᠪᠠᠰᠠ ᠨᠢᠬᠡ ᠵᠦᠢᠯ ᠤᠨ ᠤᠶᠤᠨ ᠤ ᠬᠦᠷᠦᠩᠬᠡ ᠲᠠᠢ ᠪᠤᠯᠵᠤ᠂ ᠲᠡᠷᠡ ᠨᠢ ᠬᠠᠯᠠᠭᠤᠷᠠᠯ ᠭᠠᠷᠴᠤ ᠡ᠊ᠨᠡ ᠤᠳᠠᠭ᠎ᠠ | ᠬᠡᠨ ᠤ ᠬᠢᠨᠢ ᠶᠠᠮᠠᠷ ᠵᠤᠬᠢᠶᠠᠯ ᠨᠢ ᠨᠡᠶᠢᠲᠡᠯᠡᠭᠳᠡᠭᠰᠡᠨ ᠪᠤᠯ ᠬᠡᠮᠡᠨ ᠬᠦᠯᠢᠶᠡᠳᠡᠭ ᠪᠠᠶᠢᠯ᠎ᠠ᠂ ᠨᠡᠶᠢᠲᠡᠯᠡᠭᠳᠡᠭᠰᠡᠨ ᠵᠤᠬᠢᠶᠠᠯ ᠳᠤ ᠨᠢ ᠪᠠᠰᠠ ᠬᠡᠳᠦᠨ ᠲᠦᠬᠦᠷᠢᠭ ᠤᠨ ᠬᠠᠷᠠᠮᠵᠢ | ᠮᠦᠡᠭᠭᠦ ᠢᠷᠡᠨ᠎ᠡ᠂ ᠲᠡᠷᠡ ᠨᠢ ᠬᠡᠤᠬᠡᠳ ᠤᠳ ᠢ ᠤᠨᠴᠠᠭᠠᠢ ᠪᠠᠶᠠᠷᠯᠠᠭᠤᠯᠵᠤ᠂ ᠵᠠᠷᠢᠮ ᠨᠢ ᠪᠠᠰᠠ ᠲᠡᠷᠡ ᠬᠠᠷᠠᠮᠵᠢ ᠮᠦᠡᠭᠭᠦ ᠪᠠᠷ ᠰᠢᠬᠢᠷ ᠠᠪᠴᠤ ᠨᠠᠳᠠ ᠬᠦᠷᠭᠡᠳᠡᠭ᠃ | ᠬᠡᠤᠬᠡᠳ ᠬᠡᠵᠤ ᠲᠡᠶᠢᠮᠤ ᠯᠠ ᠬᠦᠭᠡᠷᠦᠬᠦᠨ ᠠᠰᠪᠤᠷᠢ ᠴᠠᠭᠠᠪᠤᠷᠢ ᠪᠤᠳᠤᠯ ᠰᠡᠳᠬᠢᠯᠬᠡ ᠲᠠᠢ ᠪᠠᠶᠢᠳᠠᠭ ᠨᠢ ᠬᠦᠮᠦᠨ ᠢ ᠲᠤᠭᠲᠤᠯᠤᠭᠤᠯᠳᠠᠭ︾ ᠬᠡᠮᠡᠨ ᠯᠤᠪᠰᠠᠩ ᠪᠠᠭᠰᠢ | ᠶᠠᠷᠢᠵᠤ ᠭᠠᠷᠤᠯ᠎ᠠ᠃ ᠲᠡᠷᠡ ᠤᠯᠠᠨ ᠬᠡᠤᠬᠡᠳ ᠤᠨ ᠪᠠᠶᠠᠷ ᠤᠨ ᠮᠦᠰᠢᠶᠡᠲᠤ ᠶᠢ ᠬᠠᠷᠠᠬᠤ ᠬᠡᠵᠤ ᠡ᠊ᠨᠡ ᠪᠠᠭᠰᠢ ᠢᠡᠭᠭᠢᠵᠤ ᠴᠢᠷᠮᠠᠶᠢᠬᠤ ᠪᠠᠷ ᠪᠠᠷᠠᠬᠤ ᠦᠭᠡᠢ | ᠲᠤᠬᠠᠢ ᠶᠢᠨ ᠦᠶ᠎ᠡ ᠳᠤ ᠰᠠᠷ᠎ᠠ ᠳᠠᠭᠠᠨ 60 ᠲᠦᠬᠦᠷᠢᠭ ᠤᠨ ᠴᠠᠯᠢᠩ ᠲᠠᠢ ᠪᠠᠶᠢᠭᠰᠠᠨ ᠴᠤ ᠦᠪᠦᠷ ᠮᠤᠩᠭᠤᠯ ᠤᠨ ᠬᠡᠪᠴᠢᠶᠡᠨ ᠳᠠᠬᠢ ᠮᠤᠩᠭᠤᠯ ᠰᠡᠳᠬᠦᠯ ᠢ ᠴᠦᠮ | ᠦᠪᠡᠷ ᠤᠨ ᠰᠦᠢᠳᠬᠡᠯ ᠢᠶᠠᠷ ᠢᠶᠠᠨ ᠵᠠᠬᠢᠶᠠᠯᠠᠬᠤ ᠪᠠᠷ ᠪᠠᠷᠠᠬᠤ ᠦᠭᠡᠢ ᠬᠡᠤᠬᠡᠳ ᠤᠨ ᠵᠤᠬᠢᠶᠠᠯ ᠢ ᠭᠤᠪᠢᠭᠤᠯᠬᠤ ᠳᠤ ᠵᠠᠷᠤᠴᠠᠭᠤᠯᠬᠤ ᠮᠦᠡᠭᠭᠦ ᠶᠢ ᠨᠢ ᠴᠤ ᠲᠦᠯᠦᠳᠡᠭ | ᠪᠠᠶᠢᠭᠰᠠᠨ ᠪᠠᠶᠢᠨ᠎ᠠ᠃ ᠶᠠᠮᠠᠷ ᠴᠤ ᠴᠠᠭ ᠦᠶ᠎ᠡ ᠳᠤ ᠰᠠᠶᠢᠨ ᠰᠠᠶᠢᠬᠠᠨ ᠰᠡᠳᠬᠢᠯ ᠤᠨ ᠲᠤᠶᠠᠭ᠎ᠠ ᠬᠡᠵᠢᠶ᠎ᠡ ᠡᠬᠦᠷᠢᠳᠡ ᠦᠪᠡᠷ ᠢ ᠪᠠᠨ᠂ ᠮᠦᠨ ᠴᠤ ᠦᠷᠦᠬᠡᠯ ᠢ | ᠬᠡᠷᠡᠯᠲᠦᠬᠦᠯᠵᠤ ᠶᠠᠪᠤᠳᠠᠭ ᠨᠢ ᠦᠨᠡᠨ ᠠᠵᠢ᠃ | ᠬᠦᠮᠦᠨ ᠤ ᠤᠶᠤᠨ ᠲᠠᠷᠢᠬᠢᠨ ᠳᠤ ᠬᠠᠳᠠᠭᠠᠯᠠᠭᠳᠠᠵᠤ ᠪᠠᠶᠢᠭ᠎ᠠ ᠵᠦᠢᠯ ᠢᠶᠠᠨ ᠵᠤᠬᠢᠶᠠᠯ ᠤᠨ ᠬᠡᠯᠪᠡᠷᠢ ᠪᠠᠷ ᠢᠯᠡᠷᠡᠬᠦᠯᠬᠦ᠂ ᠡᠰᠡᠬᠦᠯ᠎ᠡ ᠠᠮᠢᠳᠤᠷᠠᠯ ᠤᠨ ᠨᠢᠬᠡ | ᠵᠢᠵᠢᠭᠬᠡᠨ ᠵᠦᠢᠯ ᠠᠴᠠ ᠤᠷᠭᠤᠭᠤᠯᠤᠨ ᠪᠤᠳᠤᠭᠠᠳ ᠰᠠᠨᠠᠭᠠᠨ ᠠᠴᠠ ᠭᠠᠳᠠᠭᠤᠷ ᠭᠤᠶᠢᠲᠠ ᠰᠠᠶᠢᠬᠠᠨ ᠤᠷᠠᠨ ᠪᠦᠲᠦᠬᠡᠯ ᠪᠢᠴᠢᠵᠤ ᠭᠠᠷᠭᠠᠬᠤ ᠨᠢ ᠵᠦᠪᠬᠡᠨ | ᠵᠤᠬᠢᠶᠠᠯᠴᠢ ᠠᠯᠳᠠᠷ ᠢ ᠵᠡᠬᠦᠵᠤ ᠶᠠᠪᠤᠭ᠎ᠠ ᠬᠦᠮᠦᠰ ᠤᠨ ᠬᠢᠳᠡᠭ ᠠᠵᠢᠯ ᠪᠢᠰᠢ᠂ ︽ᠭᠬᠢᠷᠳᠦᠭᠡ ᠦᠭᠡᠢ ᠴᠠᠭᠠᠨ ᠴᠠᠰᠤ᠂ ᠬᠡᠷᠡᠭᠯᠡᠭᠡ ᠦᠭᠡᠢ ᠴᠠᠭᠠᠨ ᠴᠠᠭᠠᠰᠤ︾ | ᠪᠤᠯᠤᠭᠰᠠᠨ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠤᠶᠤᠨ ᠰᠡᠳᠬᠢᠬᠦᠢ ᠳᠤ ᠰᠠᠨᠠᠭᠠᠨ ᠠᠴᠠ ᠭᠠᠳᠠᠭᠤᠷ ᠤᠯᠠᠨ ᠵᠦᠢᠯ ᠤᠨ ᠶᠠᠭᠤᠮ᠎ᠠ ᠨᠢᠭᠤᠭᠳᠠᠨ᠂ | ᠲᠡᠭᠦᠨ ᠢ ᠪᠠᠨ ᠤᠷᠠᠨ ᠢᠷᠠᠭᠤ ᠪᠢᠴᠢᠭᠯᠡᠬᠡᠳ ᠭᠠᠷᠭᠠᠬᠤ ᠳᠤ ᠬᠡᠨ ᠬᠦᠮᠦᠨ ᠴᠤ ᠰᠢᠷᠳ᠋ᠬᠢᠨ ᠰᠤᠴᠢᠬᠤ ᠮᠠᠭᠠᠳ ᠦᠭᠡᠢ᠃ ᠯᠤᠪᠰᠠᠩ ᠪᠠᠭᠰᠢ ᠶᠢᠨ ᠰᠤᠷᠤᠭᠴᠢᠳ | ᠲᠤᠳᠤᠷ᠎ᠠ ᠲᠡᠶᠢᠮᠤ ᠶᠠᠪᠤᠳᠠᠯ ᠲᠠᠭᠠᠷᠠᠯᠳᠤᠳᠠᠭ ᠪᠠᠶᠢᠯ᠎ᠠ᠃ 2016 ᠤᠨ ᠳᠤ ᠲᠡᠭᠦᠨ ᠤ ᠰᠤᠷᠤᠭᠴᠢ ᠬᠤᠪᠢᠲᠤ ︽ᠡᠪᠡᠷ ᠲᠠᠢ ᠬᠦᠮᠦᠨ︾ ᠬᠡᠬᠦ ᠵᠤᠬᠢᠶᠠᠯ ᠪᠢᠴᠢᠬᠡᠳ | ᠠᠪᠴᠢᠷᠠᠵᠤ ᠦᠭᠭᠦᠭᠰᠡᠨ ᠳᠤ ᠯᠤᠪᠰᠠᠩ ᠪᠠᠭᠰᠢ ᠮᠠᠰᠢ ᠭᠠᠶᠢᠬᠠᠵᠤ᠂ ᠲᠡᠷᠡ ᠲᠤᠤᠷ᠎ᠠ ᠨᠢ ᠵᠠᠰᠠᠵᠤ ᠨᠠᠶᠢᠷᠠᠭᠤᠯᠤᠭᠠᠳ ᠴᠤᠮᠤᠷᠯᠢᠭ ᠰᠡᠳᠬᠦᠯ ᠳᠤ ᠨᠡᠶᠢᠲᠡᠯᠡᠵᠡᠢ᠃ | ᠲᠡᠷᠡ ᠵᠤᠬᠢᠶᠠᠯ ᠳᠤ ᠬᠤᠶᠠᠷ ᠪᠢᠴᠢᠬᠠᠨ ᠰᠤᠷᠤᠭᠴᠢ ᠶᠢᠨ ᠶᠠᠷᠢᠯᠴᠠᠭ᠎ᠠ ᠪᠠᠷ ᠳᠠᠮᠵᠢᠨ ᠨᠢᠬᠡ ᠬᠡᠤᠬᠡᠳ ᠤᠨ ᠦᠪᠡᠷ ᠤᠨ ᠠᠪᠤ ᠡᠵᠢ ᠶᠢᠨ ᠬᠢᠨᠢ ᠦᠢᠯᠡ ᠤᠴᠠᠷᠠᠯ ᠢ | ᠳᠠᠮ ᠢᠶᠠᠷ ᠢᠯᠡᠷᠡᠭᠦᠯᠤᠨ᠂ ᠭᠤᠨᠢᠭᠲᠤ ᠰᠡᠳᠬᠢᠯ ᠤᠨ ᠳᠠᠭᠤᠨ ᠢ ᠪᠤᠰᠤᠳ ᠤᠨ ᠬᠠᠷᠠᠭᠠᠨ ᠳᠤ ᠳᠡᠯᠬᠡᠭᠰᠡᠨ ᠠᠭᠤᠯᠭ᠎ᠠ ᠪᠠᠶᠢᠯ᠎ᠠ᠃ ᠯᠤᠪᠰᠠᠩ ᠪᠠᠭᠰᠢ ᠶᠠᠭ ᠢᠡᠭᠭᠢᠵᠤ | ᠯᠠ ᠰᠤᠷᠤᠭᠴᠢᠳ ᠤᠨ ᠵᠤᠬᠢᠶᠠᠯ ᠲᠤᠳᠤᠷ᠎ᠠ ᠠᠴᠠ ᠰᠤᠨᠢᠨ ᠰᠤᠳᠤᠨ ᠰᠡᠳᠬᠢᠬᠦᠢ ᠲᠠᠢ ᠶᠢ ᠤᠯᠠᠮ ᠵᠤᠷᠢᠭᠵᠢᠭᠤᠯᠤᠨ᠂ ᠲᠡᠳᠡᠨ ᠳᠤ ᠨᠤᠮ ᠪᠡᠯᠡᠭᠯᠡᠬᠦ᠂ | ᠠᠮᠢᠳᠤᠷᠠᠯ ᠳᠤ ᠨᠢ ᠲᠤᠰᠠᠯᠠᠵᠤ ᠶᠠᠪᠤᠬᠤ ᠵᠡᠷᠭᠡ ᠠᠷᠭ᠎ᠠ ᠬᠡᠮᠵᠢᠶ᠎ᠡ ᠠᠪᠤᠭᠰᠠᠭᠠᠷ ᠪᠠᠶᠢᠵᠤ ᠤᠳᠤᠬᠠᠨ ᠪᠤᠯᠬᠤ ᠳᠤ ᠰᠤᠷᠤᠭᠴᠢᠳ ᠤᠨ ᠢᠶᠠᠨ 1700 ᠭᠠᠷᠤᠢ ᠵᠤᠬᠢᠶᠠᠯ | ᠪᠦᠲᠦᠬᠡᠯ ᠢ ᠨᠢ ᠵᠢᠭᠠᠨ ᠵᠢᠯᠤᠭᠤᠳᠴᠤ ᠡᠯ᠎ᠡ ᠰᠤᠨᠢᠨ ᠰᠡᠳᠬᠦᠯ ᠳᠤ ᠨᠡᠶᠢᠳᠡᠯᠡᠭᠦᠯᠦᠭᠰᠡᠨ ᠪᠠᠶᠢᠯ᠎ᠠ᠃ | ᠡᠬᠦᠨ ᠠᠴᠠ ᠭᠠᠳᠠᠨ᠎ᠠ ᠯᠤᠪᠰᠠᠩ ᠪᠠᠭᠰᠢ ᠪᠠᠰᠠ 2007 ᠤᠨ ᠠᠴᠠ 2011 ᠤᠨ ᠤ ᠬᠤᠭᠤᠷᠤᠨᠲᠤ ᠬᠢᠴᠢᠶᠡᠯᠯᠡᠨ ᠲᠡᠭᠦᠰᠬᠡᠭᠰᠡᠨ ᠨᠢᠬᠡ ᠠᠩᠭᠢ ᠶᠢᠨ | ᠰᠤᠷᠤᠭᠴᠢᠳ ᠤᠨ ᠵᠤᠬᠢᠶᠠᠯ ᠪᠦᠲᠦᠬᠡᠯ ᠢ ︽ᠲᠤᠷᠠᠳᠬᠠᠯ ᠤᠨ ᠲᠤᠯᠢ︾᠂ 2011 ᠤᠨ ᠠᠴᠠ 2017 ᠤᠨ ᠤ ᠬᠤᠭᠤᠷᠤᠨᠲᠤ ᠬᠢᠴᠢᠶᠡᠯᠯᠡᠨ ᠲᠡᠭᠦᠰᠬᠡᠭᠰᠡᠨ ᠨᠢᠬᠡ | ᠠᠩᠭᠢ ᠶᠢᠨ ᠰᠤᠷᠤᠭᠴᠢᠳ ᠤᠨ ᠵᠤᠬᠢᠶᠠᠯ ᠪᠦᠲᠦᠬᠡᠯ ᠢ ︽ᠠᠩᠭᠢᠷ ᠰᠢᠪᠠᠭᠤᠬᠠᠢ︾ ᠬᠡᠬᠦ ᠨᠡᠷ᠎ᠡ ᠪᠠᠷ ᠲᠠᠪᠲᠠᠷᠯᠠᠨ ᠲᠡᠳᠡᠨ ᠳᠤ ᠲᠤᠷᠠᠰᠬᠠᠯ ᠪᠤᠯᠭᠠᠨ ᠦᠯᠡᠳᠡᠬᠡᠵᠡᠢ᠃ | ᠮᠦᠨ 2023 ᠤᠨ ᠳᠤ ᠲᠡᠬᠦᠰᠬᠦ ᠨᠢᠬᠡ ᠠᠩᠭᠢ ᠶᠢᠨ ᠰᠤᠷᠤᠭᠴᠢᠳ ᠤᠨ ᠵᠤᠬᠢᠶᠠᠯ ᠪᠦᠲᠦᠬᠡᠯ ᠢ ︽ᠢᠨᠵᠠᠭᠠᠨ ᠲᠤᠷᠠᠰᠤᠮᠵᠢ ︾ ᠬᠡᠬᠦ ᠨᠡᠷ᠎ᠡ ᠪᠠᠷ ᠲᠡᠪᠲᠡᠷᠯᠡᠨ | ᠬᠡᠪᠯᠡᠬᠦ ᠪᠠᠷ ᠪᠡᠯᠡᠳᠬᠡᠵᠤ ᠪᠠᠶᠢᠭ᠎ᠠ ᠶᠤᠮ ᠪᠠᠶᠢᠨ᠎ᠠ᠃ | | | | | | ᠰᠡᠳᠬᠢᠯ ᠬᠦᠳᠡᠯᠬᠡᠮ᠎ᠡ ᠡᠶᠢᠮᠤ ᠤᠯᠠᠨ ᠠᠵᠢᠯ ᠦᠢᠯᠡᠰ ᠢ ᠬᠢᠵᠤ ᠪᠦᠲᠦᠬᠡᠵᠤ ᠶᠠᠪᠤᠭᠰᠠᠨ ᠯᠤᠪᠰᠠᠩ ᠪᠠᠭᠰᠢ ᠮᠦᠨ ᠯᠠ ᠬᠡᠪ ᠤᠨ ᠨᠢᠬᠡ ᠲᠠᠷᠤᠤᠬᠠᠨ | ᠠᠭᠠᠰᠢ ᠪᠠᠷ ᠢᠶᠠᠨ ᠠᠮᠢᠳᠤᠷᠠᠵᠤ ᠲᠡᠮᠡᠴᠡᠵᠤ ᠶᠠᠪᠤᠭ᠎ᠠ ᠳᠤ ᠦᠨᠡᠬᠡᠷᠡᠨ ᠴᠤ ᠪᠢᠰᠢᠷᠡᠨ ᠪᠠᠭ᠋ᠠᠷᠬᠠᠯ᠎ᠠ᠃ ᠪᠢᠳᠠ ᠴᠤ ᠸᠢᠴᠠᠲ ᠶᠢᠨ ᠤᠯᠠᠨ ᠨᠡᠶᠢᠲᠡ ᠶᠢᠨ ᠲᠠᠪᠴᠠᠩ᠂ | ᠰᠤᠨᠢᠨ ᠰᠡᠳᠬᠦᠯ ᠤᠨ ᠬᠠᠭᠤᠳᠠᠰᠤᠨ ᠠᠴᠠ ᠲᠤᠭᠴᠢ ᠯᠤᠪᠰᠠᠩ ᠬᠡᠬᠦ ᠨᠡᠷ᠎ᠡ ᠲᠠᠢ ᠵᠤᠬᠢᠶᠠᠯ ᠪᠦᠲᠦᠬᠡᠯ ᠪᠤᠶᠤ ︽ᠵᠢᠯᠤᠭᠤᠳᠤᠭᠰᠠᠨ ᠪᠠᠭᠰᠢ ᠨᠢ ᠲᠤᠭᠴᠢ ᠯᠤᠪᠰᠠᠩ︾ | ᠬᠡᠬᠦ ᠪᠢᠴᠢᠭ ᠢ ᠤᠯᠠᠨ ᠴᠤ ᠬᠠᠷᠠᠳᠠᠭ ᠨᠢ ᠦᠨᠡᠨ᠃ ᠬᠠᠶᠢᠷ᠎ᠠ ᠬᠢᠭᠡᠳ ᠬᠠᠷᠢᠭᠤᠴᠠᠯᠭ᠎ᠠ ᠪᠣᠯ ᠪᠠᠭᠰᠢ ᠶᠢᠨ ᠰᠤᠷᠲᠠᠯ ᠤᠨ ᠰᠦᠭ ᠰᠦᠨᠡᠰᠦ ᠮᠥᠨ᠃ ᠪᠠᠭᠰᠢ ᠬᠥᠮᠥᠨ | ᠮᠡᠳᠡᠯᠭᠡ ᠤᠯᠠᠮᠵᠢᠯᠠᠬᠤ ᠪᠠᠷ ᠪᠠᠷᠠᠬᠤ ᠦᠬᠡᠢ ᠰᠤᠷᠤᠭᠴᠢᠳ ᠲᠤ ᠬᠥᠮᠦᠨ ᠪᠣᠯᠬᠤ ᠶᠢᠨ ᠶᠣᠰᠣ ᠤᠴᠢᠷ ᠢ ᠵᠢᠭᠠᠵᠤ ᠣᠢᠯᠠᠭᠠᠭᠤᠯᠣᠨᠠ᠃ ᠡᠭᠦᠨ ᠢᠶᠠᠷ ᠪᠠᠷᠠᠬᠤ ᠦᠭᠡᠢ | ᠰᠤᠷᠤᠭᠴᠢᠳ ᠲᠠᠭᠠᠨ ᠰᠤᠷᠤᠯᠴᠠᠬᠤ᠂ ᠠᠮᠢᠳᠤᠷᠠᠬᠤ᠂ ᠤᠷᠤᠭᠰᠢᠯᠠᠬᠤ ᠳᠤ ᠬᠠᠨᠳᠤᠬᠤ ᠤᠪᠤᠷ ᠤᠨ ᠲᠠᠯ᠎ᠠ ᠪᠠᠷ ᠵᠦᠪ ᠲᠠᠳᠬᠠᠯ ᠲᠠᠢ ᠪᠤᠯᠭᠠᠨ᠎ᠠ᠃ ᠡᠬᠦᠨ ᠢ | ᠶᠠᠭᠰᠢᠷᠠᠲᠠᠯ᠎ᠠ ᠪᠠᠷᠢᠮᠲᠠᠯᠠᠵᠤ ᠬᠢᠵᠤ ᠴᠢᠳᠠᠬᠤ ᠪᠠᠷ ᠪᠠᠷᠠᠬᠤ ᠦᠭᠡᠢ ᠰᠢᠯᠦᠭ ᠵᠤᠬᠢᠶᠠᠯ ᠳᠠᠭᠠᠨ ᠠᠪᠢᠶᠠᠰᠯᠢᠭ ᠰᠤᠷᠤᠭᠴᠢᠳ ᠢᠶᠠᠨ ᠴᠤᠭᠯᠠᠭᠤᠯᠵᠤ ᠤᠩᠰᠢᠬᠤ᠂ ᠪᠢᠴᠢᠬᠦ | ᠂ ᠬᠤᠯᠪᠤᠨ ᠪᠤᠳᠤᠬᠤ ᠵᠡᠷᠭᠡ ᠲᠠᠯ᠎ᠠ ᠪᠠᠷ ᠵᠢᠭᠠᠨ ᠵᠢᠯᠤᠭᠤᠳᠤᠯᠭ᠎ᠠ ᠬᠢᠵᠦ᠂ ᠲᠡᠳᠡᠡ ᠤ ᠣᠷᠠᠨ ᠰᠡᠳᠭᠢᠬᠦᠢ ᠶᠢ ᠲᠡᠭᠡᠭᠰᠢᠯᠡᠬᠦᠯᠤᠨ᠂ ᠬᠡᠤᠬᠡᠳ ᠤᠨ ᠰᠦᠨ ᠴᠠᠭᠠᠨ | ᠰᠡᠤᠡᠬᠢᠬᠦᠢ ᠪᠠᠷ ᠪᠢᠴᠢᠭᠳᠡᠭᠰᠡᠨ ᠵᠤᠬᠢᠶᠠᠯ ᠪᠦᠳᠦᠭᠡᠯ ᠢ ᠲᠠᠶᠠᠭᠠᠷ ᠤᠯᠡᠨ ᠳᠤ ᠰᠤᠨᠢᠷᠬᠠᠭᠤᠯᠬᠤ ᠪᠠᠷ ᠡᠯ᠎ᠠ ᠰᠣᠨᠢᠨ ᠰᠡᠳᠬᠦᠯ ᠤᠳ ᠲᠤ ᠢᠯᠡᠭᠡᠵᠥ ᠨᠡᠶᠢᠳᠡᠯᠡᠭᠦᠯᠦᠭᠰᠡᠨ | ᠠᠴᠢ ᠭᠠᠪᠢᠶ᠎ᠠ ᠨᠢ ᠬᠡᠬᠡ ᠲᠠᠳᠠᠨ ᠨᠡᠩ ᠤᠯᠠᠨ ᠬᠦᠮᠦᠨ ᠢ ᠬᠡᠶᠢᠬᠦᠯᠵᠤ ᠴᠢᠳᠠᠬᠤ ᠨᠢ ᠯᠠᠪᠲᠠᠢ᠃ ᠡᠨᠡ ᠪᠤᠯ ᠯᠤᠪᠰᠠᠩ ᠪᠠᠭᠰᠢ ᠶᠢᠨ ᠠᠯᠳᠠᠷ ᠭᠠᠪᠢᠶ᠎ᠠ᠃ | ᠰᠢᠨ᠎ᠠ ᠴᠠᠭ ᠤᠨ ᠵᠠᠯᠠᠭᠤ ᠪᠠᠭᠰᠢ ᠨᠠᠷ ᠮᠠᠨᠢ ᠯᠤᠪᠰᠡᠩ ᠪᠠᠭᠰᠢ ᠪᠠᠷ ᠲᠠᠭᠤᠷᠢᠶᠠᠯ ᠪᠤᠯᠭᠠᠵᠤ᠂ ᠲᠡᠭᠦᠨ ᠤᠦᠨᠳᠤᠰᠤᠳᠡᠨ ᠤ ᠰᠤᠷᠭᠠᠨ ᠬᠦᠮᠤᠵᠢᠯ ᠳᠤ ᠬᠠᠷᠠᠮ | ᠦᠬᠡᠢ ᠵᠢᠳᠬᠦᠵᠤ ᠶᠠᠪᠤᠭ᠎ᠠ ᠵᠤᠷᠢᠭ ᠰᠠᠨᠠᠭ᠎ᠠ ᠠᠴᠠ ᠨᠢ ᠲᠠᠭᠠᠨᠰᠤᠷᠣᠯᠴᠠᠭᠤᠰᠢᠳᠠᠢ᠃ ᠮᠤᠩᠭᠤᠯ ᠦᠨᠳᠤᠰᠤᠳᠡᠨ ᠤ ᠮᠢᠨᠢ ᠰᠤᠷᠭᠠᠨ ᠬᠦᠮᠤᠵᠢᠯ ᠤᠨ ᠥᠢᠯᠡᠰ ᠤᠨ | ᠠᠵᠢᠯ ᠤᠨ ᠪᠠᠶᠢᠷᠢᠨᠲ᠋ᠠᠬᠡᠷᠡ ᠲᠤᠭᠴᠢ ᠯᠤᠪᠰᠠᠩ ᠰᠢᠭ ᠪᠠᠭᠰᠢ ᠠᠷᠪᠢᠨ ᠭᠠᠷᠬᠤ ᠪᠤᠯᠤᠭᠠᠰᠠᠢ ᠬᠡᠰᠡᠨ ᠵᠦᠡᠭᠨᠡᠯ ᠢ ᠲᠡᠪᠰᠢᠭᠦᠯᠦᠭᠰᠡᠨᠰᠤᠷᠪᠤᠯᠵᠢᠯᠠᠭᠠ ᠪᠠᠨ ᠲᠡᠬᠦᠰᠬᠡᠶᠡ︕ | | | | | | | | |