ᠲᠦᠪ ᠤᠨ ᠷᠠᠳᠢᠣ᠋ ᠲᠧᠯᠸᠢᠰ ᠤᠨ ᠶᠡᠷᠦᠩᠬᠡᠢ ᠬᠤᠷᠢᠶᠠᠨ ᠤ 2303 ᠤᠨ ᠤ ︽3.15︾ ᠶᠢᠨ ᠦᠳᠡᠰᠢᠯᠡᠭᠡ ᠲᠡᠭᠡᠷ᠎ᠡ ᠬᠡᠷᠡᠭᠯᠡᠭᠴᠢᠳ ᠢ ᠮᠡᠭᠡᠯᠡᠭᠰᠡᠨ | ᠤᠯᠠᠨ ᠠᠷᠪᠢᠨ ᠬᠠᠭᠤᠷᠮᠠᠭ ᠮᠠᠭᠤ ᠪᠠᠷᠠᠭ᠎ᠠ ᠲᠠᠸᠠᠷ ᠢ ᠢᠯᠡᠴᠢᠯᠡᠯᠡ᠂ ᠡᠭᠦᠨ ᠳᠤ ︽ᠲᠠᠶᠢᠯᠠᠨᠳ᠋ ᠤᠨ ᠠᠮᠳᠠᠳᠦ ᠲᠤᠳᠤᠷᠭ᠎ᠠ︾ ᠨᠢ ᠬᠠᠷᠢᠨ ᠠᠮᠳᠠ ᠤᠷᠤᠭᠤᠯᠬᠤ ᠡᠳ᠋ | ᠲᠤᠰᠤᠭᠠᠬᠰᠠᠨ ᠤᠷᠤᠨ ᠨᠤᠳᠤᠭ ᠤᠨ ᠲᠤᠳᠤᠷᠭ᠎ᠠ ᠪᠠᠶᠢᠬᠰᠠᠨ ᠢ ᠤᠯᠵᠦ ᠮᠡᠳᠡᠭᠰᠡᠨ ᠪᠠᠶᠢᠨ᠎ᠠ᠃ | ᠰᠤᠷᠪᠤᠯᠵᠢᠯᠠᠬᠴᠢ ᠦᠨᠦᠬᠡᠨ ᠠᠨᠾᠦ᠋ᠢ ᠮᠤᠵᠢ ᠶᠢᠨ ᠨᠢᠭᠡᠨ ᠢᠳᠡᠭᠡᠨ ᠤᠮᠳᠠᠭᠠᠨ ᠤ ᠪᠦᠷᠢᠨ ᠪᠤᠰᠤ ᠬᠠᠷᠢᠭᠤᠴᠠᠯᠭᠠᠳᠤ ᠺᠤᠮᠫᠠᠨᠢ ᠶᠢᠨ ᠬᠦᠮᠦᠷᠬᠡ ᠳᠤ ᠬᠡᠳᠦᠨ | ᠠᠷᠪᠠᠨ ᠲᠤᠨ ︽ᠲᠠᠶᠢᠯᠠᠨᠳ᠋ ᠤᠨ ᠮᠡᠯᠡᠷᠡᠭ ᠴᠡᠴᠡᠭ ᠤᠨ ᠦᠨᠦᠷᠳᠦ ᠲᠤᠳᠤᠷᠭ᠎ᠠ︾ ᠬᠦᠮᠦᠷᠭᠡᠯᠡᠵᠦ ᠪᠠᠶᠢᠬᠰᠠᠨ ᠢ ᠨᠢᠭᠤᠴᠠ ᠪᠠᠷ ᠰᠤᠷᠪᠤᠯᠵᠢᠯᠠᠬᠤ ᠳᠤ᠂ ᠡᠳᠡᠭᠡᠷ | ᠲᠤᠳᠤᠷᠭ᠎ᠠ ᠪᠤᠯ ᠠᠨᠾᠦ᠋ᠢ ᠶᠢᠨ ᠲᠤᠰ ᠭᠠᠵᠠᠷ ᠤᠨ ᠲᠤᠳᠤᠷᠭ᠎ᠠ᠂ ᠲᠠᠶᠢᠯᠠᠨᠳ᠋ ᠤᠨ ᠠᠮᠳᠠᠳᠦ ᠲᠤᠳᠤᠷᠭ᠎ᠠ ᠲᠠᠢ ᠶᠠᠮᠠᠷᠴᠦ ᠬᠤᠯᠪᠤᠭ᠎ᠠ ᠦᠭᠡᠢ᠃ ᠲᠤᠳᠤᠷᠭ᠎ᠠ ᠶᠢᠨ | ᠲᠤᠳᠤᠷ᠎ᠠ ᠬᠡᠳᠦᠬᠡᠨ ᠲᠤᠰᠤᠯ ᠠᠮᠳᠠ ᠤᠷᠤᠭᠤᠯᠬᠤ ᠡᠳ᠋ ᠲᠤᠰᠤᠭᠠᠪᠠᠯ ᠤᠨᠴᠠᠭᠠᠢ ᠰᠠᠶᠢᠬᠠᠨ ᠦᠨᠦᠷ ᠲᠠᠢ ᠪᠤᠯᠵᠦ ᠴᠢᠳᠠᠳᠠᠭ ᠪᠦᠭᠡᠳ ᠡᠶᠢᠮᠦ ᠲᠤᠳᠤᠷᠭ᠎ᠠ ᠶᠢ | ᠵᠢᠯ ᠳᠤ 1000 ᠭᠠᠷᠦᠢ ᠲᠤᠨ ᠬᠤᠳᠠᠯᠳᠤᠵᠦ ᠴᠢᠳᠠᠳᠠᠭ ᠭᠡᠵᠦ ᠺᠤᠮᠫᠠᠨᠢ ᠶᠢᠨ ᠬᠠᠷᠢᠭᠤᠴᠠᠯᠭᠠᠳᠠᠨ ᠬᠡᠯᠡᠭᠰᠡᠨ ᠪᠠᠶᠢᠯ᠎ᠠ᠃ | ᠡᠨᠡ ᠬᠦᠮᠦᠷᠬᠡ ᠳᠤ ᠠᠮᠳᠠ ᠤᠷᠤᠭᠤᠯᠬᠤ ᠡᠳ᠋ ᠬᠤᠳᠠᠯᠳᠤᠨ ᠦᠭᠭᠦᠭᠰᠡᠨ ᠱᠠᠩᠬᠠᠢ ᠶᠢᠨ ᠯᠠᠩ ᠹᠧᠩ ᠦᠨᠦᠷᠳᠦ ᠡᠳ᠋ ᠤᠨ ᠪᠦᠷᠢᠨ ᠪᠤᠰᠤ ᠬᠠᠷᠢᠭᠤᠴᠠᠯᠭᠠᠳᠤ | ᠺᠤᠮᠫᠠᠨᠢ ᠶᠢᠨ ᠦᠢᠯᠡᠳᠪᠦᠷᠢ ᠶᠢᠨ ᠲᠠᠰᠤᠭ ᠲᠤ ᠬᠡᠳᠦᠨ ᠵᠠᠭᠤ ᠠᠴᠠ ᠮᠢᠩᠭ᠎ᠠ ᠰᠢᠬᠠᠮ ᠲᠦᠷᠦᠯ ᠤᠨ ᠲᠦᠭᠦᠬᠡᠢ ᠮᠠᠲ᠋ᠧᠷᠢᠶᠠᠯ ᠢ ᠲᠠᠯᠪᠢᠵᠦ ᠪᠠᠶᠢᠬᠰᠠᠨ ᠪᠦᠭᠡᠳ ᠮᠠᠰᠢ | ᠦᠮᠡᠬᠡᠢ ᠦᠨᠦᠷ ᠭᠠᠷᠴᠦ ᠪᠠᠶᠢᠯ᠎ᠠ᠃ ᠬᠤᠯᠤᠭᠠᠨ᠎ᠠ ᠴᠤ ᠢᠳᠡᠰᠢ ᠡᠷᠢᠬᠦ ᠪᠠᠷ ᠠᠳᠡ ᠢᠷᠡᠪᠡᠯ ᠦᠨᠦᠷ ᠠᠴᠠ ᠨᠢ ᠠᠶᠤᠭᠠᠳ ᠲᠤᠳᠠᠭᠠᠴᠢᠬᠠᠳᠠᠭ ᠭᠡᠵᠦ ᠲᠤᠰ | ᠺᠤᠮᠫᠠᠨᠢ ᠶᠢᠨ ᠵᠠᠬᠢᠷᠤᠯ ᠨᠢ ᠶᠠᠷᠢᠵᠦ ᠪᠠᠶᠢᠬᠰᠠᠨ ᠶᠤᠮ᠃ | ᠤᠳᠤ ᠲᠤᠬᠠᠢ ᠶᠢᠨ ᠭᠠᠵᠠᠷ ᠤᠨ ᠲᠤᠳᠤᠭᠠᠳᠤ ᠶᠢ ᠬᠠᠮᠠᠭᠠᠯᠠᠬᠤ ᠵᠡᠷᠭᠡ ᠬᠠᠥᠯᠢ ᠬᠡᠷᠡᠭᠵᠢᠭᠦᠯᠬᠦ ᠰᠠᠯᠠᠭ᠎ᠠ ᠮᠦᠴᠢᠷ ᠤᠨ ᠬᠢᠨ ᠡᠳᠡᠭᠡᠷ ᠭᠠᠵᠠᠷ ᠢ ᠪᠠᠶᠢᠴᠠᠭᠠᠨ | ᠪᠢᠳᠡᠭᠦᠮᠵᠢᠯᠡᠵᠦ ᠲᠡᠳᠡᠨ ᠠᠴᠠ ᠬᠠᠥᠯᠢ ᠶᠢᠨ ᠬᠠᠷᠢᠭᠤᠴᠠᠯᠭ᠎ᠠ ᠨᠡᠬᠡᠮᠵᠢᠯᠡᠵᠦ ᠪᠠᠶᠢᠨ᠎ᠠ᠃ | |