| ᠨᠠᠶᠢᠷᠠᠭᠤᠯᠤᠭᠴᠢ ᠶᠢᠨ ᠦᠬᠡ᠄ | ᠪᠦᠬᠦ ᠤᠷᠤᠨ ᠤ ᠨᠠᠮ ᠤᠨ ᠵᠠᠭᠤᠴᠢᠯᠠᠭᠤᠷ ᠤᠨ︽ᠲᠠᠯ᠎ᠠ ᠨᠤᠲᠤᠭ ᠤᠨ ᠡᠬᠦᠯᠡ︾ ᠳᠠᠮᠵᠢᠭᠤᠯᠭ᠎ᠠ ᠶᠢᠨ ᠬᠠᠮᠵᠢᠯᠴᠠᠭᠠᠨ ᠤ ᠬᠤᠷᠠᠯ ᠵᠢᠴᠢ ᠬᠠᠮᠲᠤᠷᠠᠨ | ᠰᠤᠷᠪᠤᠯᠵᠢᠯᠠᠭ᠎ᠠ ᠬᠢᠬᠦ ᠠᠵᠢᠯᠯᠠᠭ᠎ᠠ 8.22 ᠠᠴᠠ 8.24 ᠪᠤᠯᠲᠠᠯ᠎ᠠ ᠬᠦᠯᠥᠨ ᠪᠦᠢᠷ ᠬᠤᠲᠠ ᠳᠤ ᠪᠤᠯᠵᠤ ᠦᠡᠭᠬᠡᠷᠡᠯᠡ᠃ ᠲᠤᠰ ᠤᠳᠠᠭᠠᠨ ᠤ ᠬᠤᠷᠠᠯ ᠵᠢᠴᠢ | ᠬᠠᠮᠲᠤᠷᠠᠨ ᠰᠤᠷᠪᠤᠯᠵᠢᠯᠠᠭ᠎ᠠ ᠬᠢᠬᠦ ᠠᠵᠢᠯᠯᠠᠭ᠎ᠠ ᠶᠢ ᠦᠪᠦᠷ ᠮᠤᠩᠭᠤᠯ ᠤᠨ ᠡᠳᠦᠷ ᠤᠨ ᠰᠤᠨᠢᠨ ᠢᠶᠠᠷ ᠲᠤᠯᠤᠭᠠᠶᠢᠯᠠᠭᠴᠢ ᠪᠤᠯᠭᠠᠭᠰᠠᠨ ᠪᠦᠬᠦ ᠤᠷᠤᠨ ᠤ ᠨᠠᠮ ᠤᠨ | ᠵᠠᠭᠤᠴᠢᠯᠠᠭᠤᠷ ᠤᠨ︽ᠲᠠᠯ᠎ᠠ ᠨᠤᠲᠤᠭ ᠤᠨ ᠡᠬᠦᠯᠡ︾ ᠳᠠᠮᠵᠢᠭᠤᠯᠭ᠎ᠠ ᠶᠢᠨ ᠬᠠᠮᠵᠢᠯᠴᠠᠭᠠᠨ ᠤ ᠬᠤᠷᠠᠯ ᠠᠴᠠ ᠭᠤᠤᠯᠯᠠᠨ ᠡᠷᠬᠢᠯᠡᠵᠤ᠂ ᠬᠦᠯᠥᠨ ᠪᠦᠢᠷ ᠤᠨ ᠡᠳᠦᠷ ᠤᠨ | ᠰᠤᠨᠢᠨ ᠠᠴᠠ ᠳᠠᠭᠠᠭᠠᠴᠢᠯᠠᠨ ᠡᠷᠬᠢᠯᠡᠭᠰᠡᠨ ᠶᠤᠮ᠃ | ᠬᠤᠷᠠᠯ ᠵᠢᠴᠢ ᠠᠵᠢᠯᠯᠠᠭ᠎ᠠ ᠳᠤ ᠮᠠᠨ ᠤ ᠤᠷᠤᠨ ᠤ ᠡᠯ᠎ᠡ ᠠᠶᠢᠮᠠᠭ ᠬᠤᠲᠠ ᠶᠢᠨ ᠰᠤᠨᠢᠨ ᠤ ᠤᠳᠤᠷᠢᠳᠬᠤ ᠬᠦᠮᠦᠰ ᠵᠢᠴᠢ ᠰᠤᠷᠪᠤᠯᠵᠢᠯᠠᠭᠴᠢ ᠤᠷᠤᠯᠴᠠᠵᠤ᠂ | ᠡᠯ᠎ᠡ ᠭᠠᠵᠠᠷ ᠤᠨ ᠬᠢᠨ ︽ᠲᠠᠯ᠎ᠠ ᠨᠤᠲᠤᠭ ᠤᠨ ᠡᠬᠦᠯᠡ︾ᠲᠠᠪᠴᠠᠩ ᠳᠤ ᠤᠷᠤᠬᠤ ᠠᠯᠬᠤᠭ᠎ᠠ ᠪᠠᠨ ᠲᠦᠷᠬᠡᠳᠬᠡᠵᠤ᠂ ᠬᠠᠮᠲᠤ ᠪᠠᠷ ᠤᠷᠤᠭᠰᠢᠯᠠᠬᠤ ᠬᠦᠭᠵᠢᠯᠲᠡ ᠶᠢᠨ | ᠵᠠᠭᠪᠤᠷ ᠢ ᠰᠤᠳᠤᠯᠤᠨ ᠶᠠᠷᠢᠯᠴᠠᠭᠰᠠᠨ ᠪᠦᠬᠡᠳ ᠬᠦᠯᠥᠨ ᠪᠦᠢᠷ ᠬᠤᠲᠠ ᠶᠢᠨ ᠬᠠᠶᠢᠯᠠᠷ ᠲᠤᠭᠤᠷᠢᠭ᠂ ᠡᠸᠡᠩᠬᠢ ᠦᠨᠳᠤᠰᠤᠳᠡᠨ ᠤ ᠦᠪᠡᠷᠳᠡᠭᠡᠨ ᠵᠠᠰᠠᠬᠤ ᠬᠤᠰᠢᠭᠤ | ᠵᠢᠴᠢ ᠬᠠᠭᠤᠴᠢᠨ ᠪᠠᠷᠭᠤ ᠬᠤᠰᠢᠭᠤᠨ ᠤ ᠬᠡᠰᠡᠭ ᠪᠦᠯᠥᠭ ᠭᠠᠵᠠᠷ ᠢᠶᠠᠷ ᠰᠤᠷᠪᠤᠯᠵᠢᠯᠠᠭ᠎ᠠ ᠬᠢᠭᠰᠡᠨ ᠶᠤᠮ᠃ ᠢᠡᠭᠭᠢᠭᠡᠳ ᠮᠠᠨ ᠤ ᠰᠤᠨᠢᠨ︽ᠰᠢᠨ᠎ᠡ ᠠᠮᠢᠳᠤᠷᠠᠯ᠂ ᠰᠢᠨ᠎ᠡ | ᠡᠵᠡᠩᠨᠡᠯᠳᠡ ᠶᠢᠨ ᠪᠠᠶᠢᠳᠠᠯ᠂ ᠰᠢᠨ᠎ᠡ ᠲᠦᠷᠢ ᠲᠦᠷᠬᠦ︾ ᠬᠡᠬᠦ ᠪᠤᠯᠤᠩ ᠨᠡᠬᠡᠬᠡᠵᠤ ᠲᠡᠨᠳᠡᠬᠢ ᠰᠤᠷᠪᠤᠯᠵᠢᠯᠠᠭ᠎ᠠ ᠪᠠᠨ ᠨᠡᠶᠢᠲᠡᠯᠡᠯ᠎ᠡ᠃ ᠲᠠᠭᠠᠯᠠᠨ ᠦᠵᠡᠮᠤ︕ | ᠮᠠᠨ ᠤ ᠰᠤᠷᠪᠤᠯᠵᠢᠯᠠᠭ᠎ᠠ ᠶᠢᠨ ᠪᠦᠯᠬᠦᠮ ᠬᠦᠯᠦᠨ ᠪᠤᠶᠢᠷ ᠬᠤᠳᠠ ᠶᠢᠨ ᠡᠸᠡᠩᠬᠢ ᠦᠨᠳᠤᠰᠤᠳᠡᠨ ᠤ ᠦᠪᠡᠷᠳᠡᠭᠡᠨ ᠵᠠᠰᠠᠬᠤ ᠬᠤᠰᠢᠭᠤᠨ ᠤ ︽ᠨᠠᠷᠠᠨ | ᠬᠡᠤᠬᠡᠨ ᠠᠵᠢᠯᠯᠠᠬᠤ ᠦᠷᠦᠭᠡ︾ ᠳᠤ ᠬᠦᠷᠴᠤ ᠤᠴᠢᠬᠤ ᠳᠤ ᠶᠡᠷᠤᠩᠬᠡᠢ ᠳᠠᠭᠠᠭᠠᠮᠠᠯ ᠬᠡᠵᠤ ᠭᠤᠴᠢ ᠶᠢᠨ ᠲᠠᠪᠠᠭᠠᠨ ᠤ ᠨᠠᠭᠠᠨ᠎ᠠ ᠴᠠᠭᠠᠨ᠎ᠠ ᠪᠠᠶᠢᠭ᠎ᠠ ︽ᠵᠢᠭᠠᠬᠠᠨ ᠬᠡᠤᠬᠡᠨ︾ | ᠮᠠᠨ ᠤ ᠬᠠᠷᠠᠭᠠᠨ ᠳᠤ ᠲᠤᠳᠤᠷᠠᠯ᠎ᠠ᠃ | ᠦᠢᠯᠡᠰ ᠪᠦᠲᠦᠬᠡᠯ ᠤᠨ ᠦᠨᠳᠦᠷ ᠠᠮᠵᠢᠯᠲᠠ ᠪᠠᠷ ᠢᠶᠠᠨ ᠬᠢᠯᠠᠷᠠᠭᠤᠯᠵᠤ ᠶᠠᠪᠤᠭ᠎ᠠ ᠡᠨᠡ ᠬᠡᠤᠬᠡᠨ ᠤ ᠲᠤᠬᠠᠢ ᠤᠶᠢᠯᠠᠭᠠᠬᠤ ᠳᠤ᠂ ᠶᠡᠷᠡᠭᠡᠳ ᠤᠨ ᠤ | ᠬᠤᠵᠢᠭᠤᠳᠠ ᠲᠦᠷᠦᠭᠰᠡᠨ ᠠᠳᠠᠯ᠎ᠠ ︽5·1︾ ᠤ ᠬᠦᠳᠡᠯᠮᠦᠷᠢ ᠶᠢᠨ ᠱᠠᠩᠨᠠᠯ ᠲᠠᠢ᠂ ᠲᠤᠮᠤ ᠮᠠᠶᠢᠮᠠᠢ ᠡᠷᠭᠢᠭᠦᠯᠦᠭᠡ ᠦᠭᠡᠢ ᠠᠳᠠᠯ᠎ᠠ ᠭᠠᠳᠠᠭᠠᠳᠤ ᠲᠤᠳᠤᠭᠠᠳᠤ ᠳᠤ | ᠵᠦᠡᠭᠳᠡᠭᠡᠨ ᠬᠡᠷᠡᠭᠯᠡᠭᠴᠢ ᠲᠠᠢ᠂ ᠵᠢᠵᠢᠭᠬᠡᠨ ᠪᠠᠯᠭᠠᠰᠤᠨ ᠳᠤ ᠠᠮᠢᠳᠤᠷᠠᠭ᠎ᠠ ᠠᠳᠠᠯ᠎ᠠ ᠲᠦᠪ ᠲᠧᠯᠸᠢᠰ ᠢᠶᠠᠷ ᠰᠠᠴᠤᠭᠤᠯᠤᠬᠰᠠᠨ ᠠᠯᠳᠠᠷ ᠲᠠᠢ᠂ ᠦᠪᠡᠷᠮᠢᠴᠡ ᠰᠤᠶᠤᠯ ᠢᠶᠠᠨ | ᠦᠪᠯᠡᠭᠡ ᠠᠳᠠᠯ᠎ᠠ 100 ᠲᠦᠮᠡᠡ ᠲᠦᠭᠦᠷᠢᠭ ᠤᠨ ᠪᠤᠷᠤᠯᠠᠭᠤᠯᠭ᠎ᠠ ᠶᠢᠨ ᠤᠷᠤᠯᠭ᠎ᠠ ᠲᠠᠢ ᠶᠢ ᠰᠤᠨᠤᠰᠤᠭᠠᠳ ᠭᠠᠶᠢᠬᠠᠵᠤ ᠪᠢᠯᠡ᠃ | ᠤᠯᠠᠩᠬᠢ ᠬᠦᠮᠦᠨ ᠠᠳᠠᠯ ᠦᠢᠯᠡᠰ ᠡᠷᠬᠢᠯᠡᠬᠦ ᠳᠡᠭᠡᠨ ᠦᠪᠡᠷ ᠤᠨ ᠨᠡᠷ᠎ᠡ ᠡᠰᠡᠭᠦᠯ᠎ᠡ ᠨᠤᠳᠤᠬ ᠤᠰᠤᠨ ᠤ ᠪᠠᠨ ᠨᠡᠷ᠎ᠡ ᠪᠠᠷ ᠨᠡᠷᠡᠶᠢᠳᠦᠯ ᠤᠨ ᠴᠢᠮᠡᠭ | ᠪᠤᠯᠭᠠᠳᠠᠬ ᠨᠢ ᠨᠢᠭᠡᠨ ᠶᠤᠰᠤᠨ ᠤ ᠵᠤᠷᠰᠢᠯ ᠪᠤᠯᠤᠬᠰᠠᠨ ᠭᠡᠮᠡᠷ ᠴᠤ ᠬᠠᠷᠢᠨ ᠡᠨᠡ ᠠᠶᠢᠵᠡᠮ ᠬᠡᠤᠬᠡᠨ ᠦᠪᠡᠷ ᠤᠨ ᠠᠵᠢᠯᠯᠠᠬᠤ ᠦᠷᠦᠭᠡ ᠪᠠᠨ ︽ᠨᠠᠷᠠᠨ ᠬᠡᠤᠬᠡᠨ︾ ᠬᠡᠵᠦ | ᠴᠢᠮᠡᠭᠯᠡᠨ ᠨᠡᠷᠡᠯᠡᠭᠰᠡᠨ ᠨᠢ ᠨᠠᠭᠠᠨ᠎ᠠ ᠴᠠᠭᠠᠨ᠎ᠠ ᠪᠠᠨ ᠶᠡᠷᠦ ᠨᠢ ᠨᠢᠭᠡ ᠤᠴᠢᠷᠲᠠᠢ ᠪᠠᠶᠢᠵᠠᠢ᠃ | ︽ᠨᠠᠷᠠᠨ ᠬᠡᠤᠬᠡᠨ︾ ᠭᠡᠵᠦ ᠡᠸᠡᠩᠬᠢᠴᠤᠳ ᠲᠤ ᠬᠠᠯᠠᠭᠤᠨ ᠲᠤᠯᠠᠭᠠᠨ ᠪᠦᠬᠦᠨ ᠢ ᠡᠳ᠋ᠯᠡᠭᠦᠯᠳᠡᠭ ᠲᠤᠮᠤᠬ ᠲᠠᠢ ᠬᠡᠤᠬᠡᠨ ᠶᠤᠮ᠃ ᠨᠠᠷᠠᠨ ᠤ ᠢᠯᠴᠢ᠂ ᠨᠠᠮ ᠤᠨ | ᠠᠴᠢ ᠶᠢ ᠡᠳ᠋ᠯᠡᠵᠦ ᠦᠰᠦᠭᠰᠡᠨ ᠠᠶᠢᠵᠡᠮ ᠬᠡᠤᠬᠡᠨ ᠳᠤ ᠠᠪᠴᠤ ᠬᠡᠯᠡᠪᠡᠯ ᠡᠨᠡ ᠨᠡᠷ᠎ᠡ ᠶᠤᠰᠤᠳᠠᠢ ᠨᠢᠳᠡᠷ ᠲᠡᠭᠡᠨ ᠲᠤᠬᠢᠷᠠᠬᠰᠠᠨ ᠭᠤᠶᠤ ᠨᠡᠷ᠎ᠡ ᠬᠡᠵᠦ ᠰᠡᠳᠭᠢᠯ | ᠲᠡᠨᠢᠬᠦᠨ ᠶᠠᠪᠤᠳᠠᠭ ᠪᠠᠶᠢᠯ᠎ᠠ᠃ ᠠᠶᠢᠵᠡᠮ ᠬᠡᠤᠬᠡᠨ ᠶᠡᠷᠦ ᠨᠢ ᠨᠠᠷᠠ ᠲᠠᠢ ᠵᠠᠶᠠᠭ᠎ᠠ ᠶᠢ ᠦᠪᠯᠡᠭᠰᠡᠨ ᠬᠦᠮᠦᠨ ᠪᠠᠶᠢᠵᠦ ᠯᠡ ᠲᠠᠭᠠᠷᠠᠨ᠎ᠠ᠃ ᠡᠷᠳᠠ ᠤᠷᠢᠳᠦ ᠴᠠᠭ ᠲᠤ᠂ | ᠡᠸᠡᠩᠬᠢᠴᠤᠳ ᠤᠮᠠᠷᠠᠳᠤ ᠶᠢᠨ ᠬᠦᠢᠳᠡᠨ ᠤᠷᠤᠨ ᠤ ᠤᠢ ᠲᠠᠶᠢᠭ᠎ᠠ ᠶᠢᠨ ᠬᠦᠨ ᠳᠤ ᠤᠷᠤᠩᠨᠡᠨ ᠠᠮᠢᠳᠤᠷᠠᠬᠤ ᠳᠠᠭᠠᠨ ᠨᠠᠷᠠᠨ ᠤ ᠢᠯᠴᠢ ᠶᠢ ᠶᠠᠭᠤᠨ ᠠᠴᠠ ᠴᠤ | ᠢᠯᠡᠭᠦᠤ ᠬᠦᠰᠡᠨ ᠲᠠᠭᠠᠳᠬᠠᠳᠠᠬ ᠪᠠᠶᠢᠬᠰᠠᠨ ᠭᠡᠨ᠎ᠡ᠃ ᠲᠡᠭᠡᠬᠦ ᠳᠤ ︽ᠰᠢᠭᠦᠡᠭ ᠤᠨᠠᠵᠢ ︵ᠨᠡᠷᠡᠨ ᠬᠡᠤᠬᠡᠨ︶︾ ᠭᠡᠭᠴᠢ ᠡᠸᠡᠩᠬᠢ ᠨᠡᠷ᠎ᠠ ᠲᠠᠢ ᠨᠢᠭᠡᠨ ᠬᠡᠤᠬᠡᠨ ᠡᠳᠦᠷ | ᠪᠦᠷᠢ ᠡᠸᠡᠩᠬᠢᠴᠤᠳ ᠲᠤ ᠲᠤᠯᠠᠭᠠᠨ ᠭᠡᠭᠡ᠂ ᠬᠠᠯᠠᠭᠤᠨ ᠢᠯᠴᠢ ᠠᠪᠴᠢᠷᠠᠵᠦ ᠦᠭᠳᠡᠭ ᠠᠴᠠ ᠲᠠᠳᠠ ᠡᠨᠡ ᠬᠡᠤᠬᠡᠨ ᠢ ︽ᠨᠠᠷᠠᠨ ᠬᠡᠤᠬᠡᠨ︾ ᠭᠡᠵᠦ ᠪᠡᠯᠭᠡᠰᠢᠶᠡᠨ | ᠲᠠᠭᠤᠳᠠᠳᠠᠬ ᠪᠠᠶᠢᠵᠠᠢ᠃ ᠡᠸᠡᠩᠬᠢᠴᠤᠳ ︽ᠨᠡᠷᠡᠨ ᠬᠡᠤᠬᠡᠨ︾ ᠤ ᠠᠴᠢ ᠡᠨᠡᠷᠢᠯ ᠳᠤ ᠲᠠᠯᠠᠷᠬᠠᠨ ᠬᠠᠮᠤᠬ ᠤᠨ ᠰᠠᠶᠢᠨ ᠠᠷᠠᠰᠤ ᠰᠢᠷᠢ ᠬᠢᠭᠡᠳ ᠡᠷᠤᠳᠡᠰᠦ | ᠴᠢᠯᠠᠭᠤ ᠪᠠᠷ ᠢᠶᠠᠨ ᠲᠡᠬᠦᠨ ᠤ ᠲᠦᠷᠢ ᠶᠢ ᠤᠷᠡᠯᠡᠨ ᠪᠦᠳᠦᠭᠡᠵᠦ᠂ ᠠᠵᠠ ᠵᠢᠷᠭᠠᠯ᠂ ᠪᠡᠶᠡᠷ ᠪᠠᠭ᠋ᠠᠳᠤᠯ ᠤᠨ ᠪᠡᠯᠭᠡᠳᠡᠯ ᠪᠤᠯᠭᠠᠳᠠᠭ ᠨᠢ ᠪᠠᠭ᠎ᠠ ᠪᠡᠯᠴᠢᠷ ᠠᠶᠢᠵᠡᠮ ᠬᠡᠤᠭᠡᠡ ᠤ | ᠤᠭᠤᠷᠠᠭ ᠲᠡᠷᠢᠬᠢᠨ ᠳᠤᠨᠢ ᠰᠢᠩᠭᠡᠭᠰᠡᠨ ᠨᠡᠷᠡᠨ ᠤ ᠲᠤᠬᠠᠢ ᠠᠩᠬᠠᠨ ᠤ ᠤᠢ ᠴᠡᠭᠡᠵᠢᠯᠡᠬᠦᠢ ᠪᠠᠶᠢᠯ᠎ᠠ᠃ ᠠᠶᠢᠵᠡᠮ ᠤᠨ ᠡᠵᠢ ᠮᠠᠯᠴᠢᠨ ᠤᠷᠡᠨ᠎ᠠ ᠴᠤ ᠰᠡᠳᠭᠢᠯ ᠳᠡᠭᠡᠨ | ᠨᠠᠷᠠ ᠲᠠᠢ ᠬᠦᠮᠦᠨ ᠲᠤᠯᠠ ᠠᠷᠪᠡᠨ ᠵᠢᠯ ᠤᠨ ᠤᠷᠢᠳ ᠦᠯᠢᠭᠡᠷ ᠲᠤᠮᠤᠭ ᠤᠨ ᠡᠷᠳᠠᠨᠢᠰ ᠤᠨ ᠠᠭᠤᠷᠬᠠᠢ ᠠᠴᠠ︽ᠨᠡᠷᠡᠨ ᠬᠡᠤᠬᠡᠨ︾ ᠢ ᠤᠴᠢᠷᠯᠠᠨ ᠠᠭᠤᠳᠠᠯᠵᠦ᠂ | ᠦᠨᠳᠦᠰᠦᠲᠡᠨ ᠤ ᠭᠠᠷ ᠤᠷᠠᠯᠠᠯ ᠤᠨ ᠪᠦᠳᠦᠭᠡᠭᠳᠡᠬᠦᠨ ᠢ ᠦᠪᠯᠡᠨ ᠤᠯᠠᠮᠵᠢᠯᠠᠬᠤ ᠪᠠᠷ ᠵᠤᠷᠢᠯᠭ᠎ᠠ ᠪᠤᠯᠭᠠᠬᠰᠠᠨ ︽ᠨᠠᠷᠠᠨ ᠬᠡᠤᠬᠡᠨ ᠠᠵᠢᠯᠯᠠᠬᠤ ᠦᠷᠦᠭᠡ︾ ᠪᠠᠨ | ᠨᠡᠭᠡᠭᠡᠵᠠᠢ᠃ | ᠠᠶᠢᠵᠡᠮ ︽ᠨᠠᠷᠠᠨ ᠬᠡᠤᠬᠡᠨ︾ ᠤ ᠲᠤᠮᠤᠬ ᠢ ᠤᠯᠠᠨᠳᠠ ᠰᠤᠨᠤᠰᠴᠤ ᠪᠠᠶᠢᠬᠰᠠᠨ ᠪᠤᠯᠪᠠᠴᠤ ᠨᠠᠰᠤ ᠵᠠᠯᠠᠭᠤ ᠴᠢᠰᠦ ᠰᠢᠩᠭᠡᠨ ᠪᠠᠶᠢᠬᠰᠠᠨ ᠤ ᠬᠠᠷᠠᠭ᠎ᠠ ᠠᠴᠠ | ᠡᠵᠢ ᠶᠢᠨ ᠢᠶᠠᠨ ᠡᠨᠡ ᠬᠦ ᠠᠵᠢᠯᠯᠠᠬᠤ ᠦᠷᠦᠭᠡ ᠳᠤ ᠨᠢᠭᠡ ᠶᠡᠭᠡ ᠰᠠᠨᠠᠭ᠎ᠠ ᠲᠠᠯᠪᠢᠭ᠎ᠠ ᠦᠭᠡᠢ᠂ ᠬᠠᠷᠢᠨ 24 ᠨᠠᠰᠤᠳᠠᠢ ᠳᠠᠭᠠᠨ ᠬᠦᠬᠡᠬᠤᠳᠠ ᠦᠨᠳᠤᠰᠤᠳᠡᠨ ᠤ ᠲᠡᠭᠡᠳᠦ | ᠰᠤᠷᠭᠠᠭᠤᠯᠢ ᠶᠢᠨ ᠺᠤᠮᠫᠢᠦ᠋ᠲ᠋ᠧᠷ ᠤᠨ ᠰᠠᠯᠪᠤᠷᠢ ᠠᠴᠠ ᠲᠡᠭᠦᠰᠦᠮᠡᠭᠴᠡ ᠪᠠᠨ ᠶᠡᠭᠡ ᠬᠤᠳᠠ ᠳᠤ ᠰᠡᠳᠭᠢᠯ ᠲᠠᠳᠠᠬᠳᠠᠵᠦ᠂ ᠲᠦᠮᠡ ᠲᠦᠵᠢᠬᠢᠨᠡᠵᠦ ᠪᠤᠮᠡ ᠪᠤᠵᠢᠬᠢᠨᠠᠬᠰᠠᠨ | ᠬᠤᠳᠠ ᠶᠢᠨ ᠵᠠᠢ ᠳᠤ ᠬᠦᠯ ᠲᠤᠬᠳᠠᠬᠤ ᠬᠡᠮᠡᠨ ᠪᠦᠳᠦᠨ ᠬᠤᠶᠠᠷ ᠵᠢᠯ ᠵᠢᠳᠭᠦᠭᠰᠡᠨ ᠪᠠᠶᠢᠵᠠᠢ᠃ ᠡᠨᠡ ᠵᠠᠪᠰᠠᠷ ᠲᠡᠬᠦᠨ ᠤ ᠡᠵᠢ ᠤᠷᠠᠨ᠎ᠠ ᠬᠦᠮᠦᠰ ᠲᠤ ᠬᠠᠷᠠᠬᠠᠨ | ᠲᠠᠨᠢᠬᠳᠠᠭᠠ ᠦᠭᠡᠢ ︽ᠨᠡᠷᠡᠨ ᠬᠡᠤᠬᠡᠨ︾ ᠤ ᠪᠦᠳᠦᠭᠡᠭᠳᠡᠬᠦᠨ ᠢᠶᠠᠨ ᠡᠬᠦᠷᠤᠬᠡᠳ ᠨᠠᠶᠢᠷ ᠪᠠᠶᠢᠪᠠᠯ ᠬᠦᠷᠴᠦ᠂ ᠦᠵᠡᠰᠭᠦᠯᠠᠩ ᠪᠠᠶᠢᠪᠠᠯ ᠲᠡᠯᠭᠡᠵᠦ ᠶᠠᠪᠤᠳᠠᠬ ᠴᠤ | ᠲᠦᠷᠦᠯ ᠵᠦᠢᠯ ᠴᠤᠯᠭᠤᠢ᠂ ᠰᠢᠨᠡᠷᠭᠡᠭ ᠪᠦᠳᠦᠭᠡᠭᠳᠡᠭᠦᠨ ᠴᠦᠬᠡᠨ ᠪᠤᠯᠬᠤᠷ ᠵᠠᠷᠢᠮ ᠳᠠᠭᠠᠨ ᠵᠠᠮ ᠤᠨ ᠵᠠᠷᠤᠳᠠᠯ ᠢᠶᠠᠨ ᠴᠤ ᠲᠦᠯᠦᠬᠦ ᠤᠷᠤᠯᠭ᠎ᠠ ᠦᠭᠡᠢ ᠬᠤᠭᠤᠰᠤᠨ | ᠪᠤᠴᠠᠳᠠᠬ ᠪᠠᠶᠢᠯ᠎ᠠ᠃ | ᠡᠨᠡ ᠪᠦᠬᠦᠨ ᠢ ᠬᠠᠷᠠᠭᠠᠳ ᠠᠶᠢᠵᠡᠮ ᠰᠡᠳᠭᠢᠯ ᠡᠮᠵᠡᠭᠯᠡᠳᠡᠭ ᠴᠤ ᠡᠵᠢ ᠶᠢᠨ ᠢᠶᠠᠨ ᠡᠨᠡ ᠠᠵᠢᠯ ᠢ ᠵᠠᠯᠭᠠᠵᠦ ᠬᠢᠶ᠎ᠡ ᠭᠡᠰᠡᠨ ᠪᠤᠳᠤᠯ ᠶᠡᠷᠦ ᠪᠠᠶᠢᠭ᠎ᠠ ᠦᠭᠡᠢ᠃ | ᠬᠠᠷᠢᠨ ᠵᠢᠷᠭᠤᠭᠠᠨ ᠵᠢᠯ ᠤᠨ ᠡᠮᠦᠨᠡᠬᠢ ᠨᠢᠭᠡᠨ ᠤᠳᠠᠭᠠᠨ ᠤ ︽ᠬᠠᠳᠠᠭᠤ ᠰᠢᠯᠭᠠᠯᠳᠠ︾ ᠠᠶᠢᠵᠡᠮ ᠤᠨ ᠬᠤᠪᠢ ᠵᠠᠶᠠᠭ᠎ᠠ ᠶᠢ ︽ᠨᠡᠷᠡᠨ ᠬᠡᠤᠭᠡᠨ︾ ᠲᠠᠢ ᠰᠠᠯᠵᠦ ᠴᠢᠳᠠᠰᠢ | ᠦᠭᠡᠢ ᠬᠤᠯᠪᠤᠵᠦ ᠲᠠᠯᠪᠢᠬᠰᠠᠨ ᠪᠠᠶᠢᠵᠠᠢ᠃ ᠲᠠᠷᠠ ᠵᠢᠯ ᠤᠨ ᠵᠤᠨ ᠠᠶᠢᠵᠡᠮ ᠤᠨ ᠡᠵᠢ ᠭᠡᠨᠡᠤᠨᠳᠠ ᠬᠦᠨᠳᠦ ᠡᠪᠡᠳᠴᠢᠯᠡᠭᠡᠳ ᠨᠠᠶᠢᠰᠯᠠᠯ ᠪᠡᠭᠡᠵᠢᠩ ᠳᠤ ᠤᠷᠤᠯ᠎ᠠ᠃ | ᠨᠢᠳᠦ ᠲᠦᠭᠦᠷᠡᠩ ᠨᠢᠯᠪᠤᠰᠤ ᠲᠠᠢ ᠭᠠᠷ ᠲᠠᠯᠠᠯᠤᠨ ᠬᠤᠴᠤᠷᠤᠬᠰᠡᠨ ᠠᠶᠢᠵᠡᠮ ᠬᠡᠤᠬᠡᠨ ᠳᠤ ᠠᠪᠴᠦ ᠬᠡᠯᠡᠪᠡᠯ ᠡᠨᠡ ᠨᠢ ︽ᠲᠡᠭᠷᠢ ᠨᠤᠷᠠᠬᠰᠡᠨ︾ ᠠᠴᠠ ᠦᠭᠡᠷ᠎ᠡ ᠦᠭᠡᠢ᠂ | ᠭᠡᠷ ᠵᠠᠭᠤᠷ᠎ᠠ ᠶᠢᠨ ᠠᠷᠰᠠᠷ ᠠᠵᠢᠯ ᠠᠴᠠ ᠠᠪᠤᠭᠠᠳ ︽ᠨᠡᠷᠡᠨ ᠬᠡᠤᠭᠡᠨ ᠠᠵᠢᠯᠯᠠᠬᠤ ᠦᠷᠦᠭᠡ︾ ᠶᠢᠨ ᠪᠦᠬᠦ ᠶᠠᠭᠤᠮ᠎ᠠ ᠲᠡᠬᠦᠨ ᠤ ᠮᠦᠷᠤᠨ ᠳᠤ ᠨᠦᠰᠡᠷᠤᠨ ᠪᠠᠭᠤᠯ᠎ᠠ᠂ | ᠨᠡᠩ ᠬᠡᠴᠡᠭᠦᠤ ᠨᠢ ᠰᠡᠳᠭᠢᠯ ᠤᠨ ᠵᠤᠪᠠᠯᠠᠩ᠃ ᠡᠵᠢ ᠶᠢᠨ ᠢᠶᠠᠨ ᠡᠷᠡᠬᠦᠯ ᠮᠡᠨᠳᠦ᠂ ᠠᠮᠢ ᠨᠠᠰᠤᠨ ᠤ ᠲᠦᠯᠦᠭᠡ ᠵᠤᠪᠠᠨᠢᠨᠠ᠂ ᠡᠮᠴᠢᠯᠡᠭᠡᠨ ᠤ ᠵᠡᠷᠤᠳᠡᠯ ᠳᠤᠨᠢ ᠭᠠᠷ | ᠲᠠᠳᠠᠭᠤ ᠳᠠᠭᠠᠨ ᠭᠠᠴᠢᠬᠳᠠᠨᠠ᠂ ᠡᠷᠬᠢᠯᠡᠭᠰᠡᠨ ᠦᠢᠯᠡᠰ ᠢ ᠨᠢ ᠡᠭᠦᠷᠴᠤ ᠶᠠᠳᠠᠬᠤ ᠳᠠᠭᠠᠨ ᠪᠠᠴᠢᠮᠳᠠᠨ᠎ᠠ᠃ ᠲᠤᠯᠵᠦ ᠢᠷᠡᠭᠰᠡᠨ ᠡᠨᠡ ᠪᠦᠬᠦᠨ ᠢ ᠲᠡᠭᠷᠢ ᠳᠤ | ᠠᠶᠢᠯᠠᠳᠬᠤᠡᠶᠡ ᠲᠡᠭᠷᠢ ᠬᠤᠯᠠ᠂ ᠭᠠᠵᠡᠷ ᠲᠤ ᠦᠴᠢᠬᠦᠶᠡ ᠭᠠᠵᠠᠷ ᠬᠠᠳᠠᠭᠤ᠂ ᠲᠤᠭᠤᠷᠢᠵᠦ ᠭᠠᠷᠴᠤ ᠴᠢᠳᠠᠬᠤ ᠦᠭᠡᠢ ᠶᠢᠨ ᠬᠤᠶᠢᠨ᠎ᠠ ᠲᠤᠭᠤᠯᠵᠦ ᠯᠡ ᠭᠠᠷᠬᠤ | ᠬᠡᠷᠡᠭᠳᠠᠢ ᠪᠤᠯᠵᠠᠢ᠃ | ᠲᠠᠷᠠ ᠴᠠᠭ ᠠᠴᠠ ᠠᠶᠢᠵᠡᠮ ᠨᠡᠷ᠎ᠠ ᠲᠦᠷᠦ᠂ ᠨᠡᠷᠡᠯᠭᠡᠭ ᠵᠠᠩ ᠢᠶᠠᠨ ᠬᠠᠶᠠᠭᠠᠨ ᠳᠤ ᠬᠠᠶᠠᠵᠦ᠂ ᠵᠠᠮ ᠲᠠᠭᠠᠷᠠᠪᠠᠯ ᠵᠠᠬ᠎ᠠ ᠳᠤᠨᠢ ᠰᠠᠭᠤᠵᠦ᠂ ᠭᠠᠵᠠᠷ ᠤᠯᠳᠠᠪᠠᠯ | ᠲᠡᠯᠭᠡᠵᠦ ᠲᠠᠯᠪᠢᠵᠦ᠂ ᠪᠠᠰᠠ ᠰᠢᠭᠤᠳ ᠨᠡᠪᠳᠡᠷᠡᠬᠦᠯᠭᠡ᠂ ᠰᠦᠯᠵᠢᠶᠡᠨ ᠲᠡᠯᠬᠡᠬᠦᠷ ᠬᠡᠳ︽ᠨᠡᠷᠡᠨ ᠬᠡᠤᠬᠡᠨ︾ ᠪᠦᠳᠦᠭᠡᠭᠳᠡᠭᠦᠨ ᠢᠶᠠᠨ ᠵᠠᠪ ᠯᠡ ᠤᠯᠳᠠᠪᠠᠯ ᠬᠤᠳᠠᠯᠳᠤᠨ | ᠪᠤᠷᠤᠯᠠᠭᠤᠯᠵᠦ᠂ ᠲᠦᠮᠡᠨ ᠲᠦᠭᠦᠷᠢᠭ ᠪᠤᠯᠭᠠᠬᠤ ᠪᠦᠷᠢ ᠡᠵᠢ ᠳᠡᠭᠡᠨ ᠭᠤᠪᠢᠭᠤᠯᠵᠦ ᠦᠭᠭᠦᠨ᠎ᠡ᠃ ᠢᠡᠭᠬᠢᠵᠦ ᠪᠠᠶᠢᠬᠰᠠᠭᠠᠷ ᠠᠶᠢᠵᠡᠮ ᠬᠠᠷᠢᠨ ᠦᠨᠳᠦᠰᠦᠳᠡᠨ ᠤ | ᠤᠨᠴᠠᠯᠢᠬᠳᠤ ᠰᠤᠶᠤᠯ ᠤᠨ ᠪᠦᠳᠦᠭᠡᠭᠳᠡᠬᠦᠨ ᠤ ᠦᠪᠯᠡᠯ ᠤᠯᠠᠮᠵᠢᠯᠠᠯ᠂ ᠬᠠᠮᠠᠭᠠᠯᠠᠯ ᠬᠦᠭᠵᠢᠭᠦᠯᠦᠯ ᠳᠤ ᠨᠢᠭᠡ ᠶᠡᠭᠡ ᠲᠠᠨᠢᠯᠳᠠ ᠲᠠᠢ ᠪᠢᠰᠢ ᠪᠠᠶᠢᠬᠰᠠᠨ ᠠᠴᠠ ᠪᠠᠨ | ᠨᠢᠭᠡᠮᠦᠰᠦᠨ ᠪᠠᠬ᠎ᠠ ᠲᠠᠢ ᠪᠤᠯᠤᠬᠰᠠᠨ ᠲᠡᠳᠦᠢ ᠦᠭᠡᠢ᠂ ᠨᠢᠭᠡ ᠮᠡᠳᠡᠬᠦ ᠳᠤ ᠬᠤᠰᠢᠭᠤ ᠨᠤᠳᠤᠬ ᠲᠠᠭᠠᠨ ᠨᠡᠶᠢᠳᠡᠮ ᠲᠠᠨᠢᠬᠳᠠᠬᠰᠠᠨ ︽ᠨᠤᠳᠤᠬ ᠲᠠᠭᠠᠨ ᠪᠤᠴᠠᠵᠦ ᠦᠢᠯᠡᠰ | ᠪᠤᠰᠬᠠᠬᠰᠠᠨ ᠵᠠᠯᠠᠭᠤ ᠴᠢᠳᠠᠪᠤᠷᠢᠳᠠᠨ︾ ᠪᠤᠯᠴᠢᠬᠠᠬᠰᠠᠨ ᠪᠠᠶᠢᠯ᠎ᠠ᠃ | ᠨᠡᠷᠡᠨ ᠤ ᠢᠯᠴᠢ ᠬᠠᠯᠠᠭᠤᠨ᠂ ᠨᠡᠮ ᠤᠨ ᠠᠴᠢ ᠲᠦᠭᠡᠮᠡᠯ᠃ ᠠᠶᠢᠵᠡᠮ ᠤᠨ ᠤᠢᠢᠭ᠎ᠠ ᠦᠭᠡᠢ ᠴᠢᠷᠮᠠᠶᠢᠯᠭ᠎ᠠ ᠡᠯ᠎ᠠ ᠱᠠᠳᠤᠨ ᠤ ᠨᠠᠮ ᠵᠠᠰᠠᠭ ᠤᠨ ᠠᠩᠬᠠᠷᠤᠯ ᠳᠤ | ᠬᠦᠷᠴᠦ᠂ ᠲᠠᠯ᠎ᠠ ᠲᠠᠯ᠎ᠠ ᠠᠴᠠ ᠨᠢ ᠲᠡᠮᠵᠢᠨ ᠵᠤᠷᠢᠬᠵᠢᠭᠤᠯᠤᠨ᠎ᠠ᠃ ᠡᠸᠡᠩᠬᠢ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤᠨ ᠤ ᠦᠨᠳᠤᠰᠤᠳᠡᠨ ᠤ ᠰᠤᠶᠤᠯ ᠤᠨ | ᠠᠵᠦ ᠦᠢᠯᠡᠰ ᠤᠨ ᠦᠢᠯᠡᠰ ᠪᠤᠰᠬᠠᠬᠤ ᠬᠦᠷᠢᠶᠡᠯᠡᠩ ︽ᠨᠡᠷᠡᠨ ᠬᠡᠤᠬᠡᠨ ᠠᠵᠢᠯᠯᠠᠬᠤ ᠦᠷᠦᠭᠡ︾ ᠶᠢ ᠲᠦᠷᠢᠶᠡᠰᠤᠨ ᠮᠦᠡᠭᠭᠦ ᠠᠴᠠ ᠬᠡᠯᠳᠤᠷᠢᠬᠦᠯᠤᠯᠠ᠃ ᠬᠤᠰᠢᠭᠤᠨ ᠤ | ᠠᠵᠢᠯ ᠤᠯᠭᠤᠯᠲᠠ ᠶᠢᠨ ᠲᠤᠪᠴᠢᠶ᠎ᠠ ᠵᠠᠯᠠᠭᠤᠴᠤᠳ ᠤᠨ ᠦᠢᠯᠡᠰ ᠪᠤᠰᠬᠠᠬᠤ ᠶᠢ ᠲᠡᠮᠵᠢᠬᠦ 10 ᠲᠦᠮᠡᠨ ᠲᠦᠭᠦᠷᠢᠭ ᠪᠦᠬᠦᠢ ᠬᠦ᠋ᠦ ᠮᠦᠩᠬᠦ ᠦᠭᠡᠢ ᠵᠢᠭᠡᠯᠡᠯᠭᠡ ᠶᠢ 2 | ᠵᠢᠯ ᠤᠨ ᠬᠤᠭᠤᠴᠠᠭ᠎ᠠ ᠲᠠᠢ ᠤᠯᠭᠤᠯ᠎ᠠ᠃ ᠬᠤᠰᠢᠭᠤᠨ ᠤ ᠰᠤᠶᠤᠯ ᠲᠠᠮᠢᠷ ᠵᠤᠭᠠᠴᠠᠯ ᠷᠡᠳᠢᠤ᠋ ᠲᠧᠯᠸᠢᠰ ᠲᠤᠪᠴᠢᠶ᠎ᠠ 80 ᠲᠦᠮᠡᠨ ᠲᠦᠭᠦᠷᠢᠭ ᠤᠨ ᠪᠤᠳᠡᠰ ᠤᠨ ᠪᠤᠰᠦ | ᠰᠤᠶᠤᠯ ᠤᠨ ᠦᠪ ᠤᠨ ᠲᠤᠰᠬᠠᠢ ᠵᠡᠷᠤᠳᠡᠯ ᠪᠠᠭᠤᠯᠭᠠᠪᠠ᠃ ᠪᠠᠰᠠ ᠡᠯ᠎ᠡ ᠵᠦᠢᠯ ᠤᠨ ᠬᠤᠷᠠᠯ ᠦᠵᠡᠰᠭᠦᠯᠡᠩ᠂ ᠴᠤᠬᠯᠠᠭ᠎ᠠ ᠮᠠᠶᠢᠮᠡᠢ ᠳᠤ ᠰᠤᠩᠭᠤᠨ ᠲᠤᠮᠢᠯᠠᠬᠤ ᠵᠡᠷᠭᠡ | ᠠᠯᠢ ᠤᠯᠡᠨ ᠬᠠᠷᠠᠭᠠᠯᠵᠡᠯ ᠤᠨ ᠲᠦᠷᠦ ᠶᠢᠨ ᠪᠤᠳᠤᠯᠭ᠎ᠠ᠂ ᠬᠡᠷᠡᠭᠴᠡᠭᠡ ᠲᠠᠢ ᠮᠡᠳᠡᠭᠡ ᠵᠠᠩᠬᠢ᠂ ᠠᠰᠢᠬᠳᠠᠢ ᠲᠠᠪᠴᠡᠩ ᠬᠠᠨᠭ᠍ᠭᠠᠯ᠎ᠠ᠃ ᠠᠶᠢᠵᠡᠮ ᠴᠤ ᠤᠳᠠᠭ᠎ᠠ ᠪᠤᠯᠭᠠᠨ | ᠦᠨᠳᠦᠰᠦᠲᠡᠨ ᠤ ᠤᠨᠴᠠᠯᠢᠬᠲᠤ ᠪᠦᠲᠦᠭᠡᠭᠳᠡᠭᠦᠨ ᠢᠶᠠᠨ ᠠᠪᠤᠭᠠᠳ ᠤᠯᠤᠰ ᠤᠨ ᠲᠤᠳᠤᠭᠠᠲᠤ ᠭᠠᠳᠠᠭᠠᠲᠤ ᠶᠢᠨ ᠬᠤᠷᠠᠯ ᠦᠵᠡᠰᠭᠦᠯᠡᠩ ᠢᠶᠠᠷ ᠲᠠᠨᠢᠯᠴᠠᠭᠤᠯᠤᠭᠠᠳ | ᠶᠠᠪᠤᠬᠤ ᠳᠠᠭᠠᠨ︽ᠬᠦᠮᠤᠰ ᠪᠢᠳᠡᠨ ᠤ ᠪᠦᠳᠦᠭᠡᠭᠳᠡᠬᠦᠨ ᠢ ᠲᠠᠭᠠᠰᠢᠶᠡᠵᠦ ᠪᠠᠶᠢᠭ᠎ᠠ ᠶᠢᠨ ᠭᠤᠤᠯ ᠰᠢᠯᠳᠠᠭᠠᠨ ᠪᠤᠯ ᠬᠠᠰᠢᠯᠡ ᠦᠨᠳᠤᠰᠤᠳᠡᠨ ᠤ ᠰᠢᠯᠢᠳᠡᠭ ᠰᠤᠶᠤᠯ ᠤᠨ | ᠡᠯᠧᠮᠧᠨ᠋ᠲ ᠤᠨ ᠲᠠᠳᠠᠬᠤ ᠬᠦᠴᠤᠨ ᠲᠠᠢ ᠠᠴᠠ ᠪᠤᠯᠵᠠᠢ︾ᠬᠡᠳᠡᠭ ᠢ ᠨᠠᠩ ᠬᠦᠨᠵᠡᠬᠡᠢ ᠤᠬᠠᠭᠠᠷᠠᠪᠠ᠃ ᠢᠯᠠᠩᠭᠤᠡᠶᠡ ︽ᠨᠡᠷᠡᠨ ᠬᠡᠤᠭᠡᠨ︾ ᠤ ᠰᠢᠷᠢᠰ ᠭᠠᠷ ᠤᠷᠠᠯᠠᠯ | ᠦᠢᠯᠡᠳᠬᠦ ᠮᠡᠷᠭᠡᠵᠢᠯ ᠢ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠭᠡᠯᠡᠬᠦ ᠴᠢᠨᠠᠷᠲᠠᠢ ᠲᠦᠷᠦᠯ ᠵᠦᠢᠯ ᠢᠶᠠᠷ ᠳᠠᠩᠰᠠᠯᠠᠭᠰᠠᠨ ᠨᠢ | ᠲᠡᠬᠦᠨ ᠳᠤ︽ᠨᠡᠷᠡᠨ ᠬᠡᠤᠭᠡᠨ︾ᠰᠢᠷᠢᠰ ᠭᠠᠷ ᠤᠷᠠᠯᠠᠯ ᠦᠢᠯᠡᠳᠬᠦ ᠮᠡᠷᠭᠡᠵᠢᠯ ᠢ ᠰᠢᠰᠲ᠋ᠧᠮ ᠲᠠᠢ ᠰᠤᠷᠤᠯᠴᠠᠬᠤ ᠲᠤᠯᠭᠠᠮ ᠬᠦᠰᠡᠯ ᠲᠠᠢ ᠪᠤᠯᠭᠠᠬᠰᠠᠨ ᠲᠡᠳᠦᠢ ᠦᠭᠡᠢ᠂ | ᠲᠤᠮᠳᠠᠳᠤ ᠶᠢᠨ ᠦᠨᠳᠦᠰᠦᠳᠡᠨ ᠤ ᠪᠠᠨ ᠰᠢᠯᠢᠳᠡᠭ ᠰᠤᠶᠤᠯ ᠤᠨ ᠨᠢᠭᠡᠨ ᠲᠠᠯᠠᠰᠳᠤ ᠪᠤᠯᠤᠬᠰᠠᠨ ᠦᠪᠡᠷᠮᠢᠴᠡ ᠰᠤᠶᠤᠯ ᠢᠶᠠᠨ ᠤᠯᠠᠮᠵᠢᠯᠠᠨ ᠪᠠᠳᠠᠷᠠᠭᠤᠯᠤᠨ᠎ᠠ ᠭᠡᠳᠡᠭ | ᠤᠷᠮ᠎ᠠ ᠵᠤᠷᠢᠭ ᠢ ᠨᠢ ᠤᠯᠠᠮ ᠡᠷᠴᠢᠯᠡᠵᠠᠢ᠃ | ᠨᠠᠷᠠ ᠲᠠᠢ ᠦᠢᠯᠡᠰ ᠲᠡᠭᠡᠨ ᠪᠤᠷᠤ ᠲᠠᠢ ᠵᠢᠳᠭᠦᠬᠦ ᠶᠢ ᠵᠠᠯᠠᠭᠤ ᠨᠠᠰᠤᠨ ᠤ ᠵᠢᠷᠭᠠᠯ ᠭᠡᠯᠲᠠᠢ᠃ ᠮᠡᠳᠡᠬᠦ ᠦᠭᠡᠢ ᠠᠴᠠ ᠪᠠᠨ ᠪᠢᠰᠢᠷᠡᠬᠦ ᠪᠤᠯᠤᠨ᠎ᠠ ᠂ ᠴᠢᠳᠠᠬᠤ | ᠦᠭᠡᠢ ᠠᠴᠠ ᠪᠠᠨ ᠴᠠᠭᠠᠷᠠᠬᠤ ᠪᠤᠯᠤᠨ᠎ᠠ ᠭᠡᠳᠡᠭ ᠬᠡᠯᠡᠬᠦ ᠳᠤ ᠠᠮᠠᠷ ᠴᠤ ᠬᠦᠷᠬᠦ ᠳᠤ ᠬᠡᠴᠡᠭᠦᠤ ᠪᠠᠶᠢᠳᠠᠬ᠃ ᠭᠡᠳᠡᠯ᠎ᠡ ︽ᠨᠠᠷᠠᠨ ᠬᠡᠤᠬᠡᠨ︾ ᠪᠦᠳᠦᠭᠡᠭᠳᠡᠬᠦᠨ ᠢᠶᠠᠨ | ᠤᠯᠠᠮ ᠦᠷᠭᠡᠨ ᠬᠡᠪᠴᠢᠶᠡᠨ ᠳᠤ ᠪᠤᠷᠤᠯᠠᠭᠤᠯᠤᠨ ᠲᠡᠯᠭᠡᠷᠡᠭᠦᠯᠦᠨ᠎ᠡ ᠭᠡᠳᠡᠭ ᠪᠤᠳᠤᠯ ᠤᠨ ᠪᠤᠷᠤ ᠰᠡᠳᠭᠢᠯ ᠤᠨ ᠦᠷᠢ ᠳᠡᠭᠡᠨ ᠬᠦᠳᠦᠯᠦᠭᠳᠡᠭᠰᠡᠨ ᠠᠶᠢᠵᠡᠮ ᠶᠠᠭᠤ | ᠪᠦᠬᠦᠨ ᠢ ᠡᠬᠢᠨ ᠠᠴᠠ ᠨᠢ ᠰᠤᠷᠴᠤ ᠡᠬᠢᠯᠡᠪᠡ᠂ ︽ᠠᠶᠢᠯ ᠠᠴᠠ ᠡᠷᠢᠬᠦ ᠪᠠᠷ ᠠᠪᠳᠠᠷ᠎ᠠ ᠠᠴᠠ ᠪᠠᠨ ᠡᠷᠢ︾ ᠭᠡᠳᠡᠭᠴᠢᠯᠡᠨ ᠶᠠᠭᠤᠨ ᠤ ᠤᠷᠢᠳ ᠬᠤᠯᠠ ᠤᠶᠢᠷ᠎ᠠ ᠳᠠᠭᠠᠨ | ᠠᠯᠳᠠᠷᠳᠠᠢ ᠤᠷᠠᠨ ᠤᠶᠤᠳᠠᠯᠴᠢᠨ ᠪᠠᠶᠢᠬᠰᠠᠨ ᠨᠠᠭᠠᠴᠤ ᠡᠮᠡᠭᠡ ᠬᠢᠭᠡᠳ ᠤᠷᠤᠨ ᠤ ᠲᠡᠰ ᠤᠨ ᠪᠤᠳᠡᠰ ᠤᠨ ᠪᠤᠰᠦ ᠰᠤᠶᠤᠯ ᠤᠨ ᠦᠪ ᠤᠨ ᠲᠦᠯᠦᠭᠡᠯᠡᠭᠴᠢ ᠴᠢᠨᠠᠷᠳᠠᠢ | ᠦᠪᠯᠡᠨ ᠤᠯᠠᠮᠵᠢᠯᠠᠭᠴᠢ ᠪᠤᠯᠬᠤ ᠡᠵᠢ ᠳᠡᠭᠡᠨ ᠱᠠᠪᠢᠯᠡᠨ︽ᠨᠡᠷᠡᠨ ᠬᠡᠤᠬᠡᠨ︾ ᠪᠦᠳᠦᠭᠡᠭᠳᠡᠬᠦᠨ ᠢ ᠤᠷᠡᠯᠡᠨ ᠦᠢᠯᠡᠳᠬᠦ ᠦᠨᠳᠤᠰᠤᠨ ᠮᠡᠷᠭᠡᠵᠢᠯ᠂ ᠶᠤᠰᠦ ᠵᠠᠩᠰᠢᠯ ᠢ | ᠬᠡᠳᠤᠨ ᠵᠢᠯ ᠰᠢᠰᠲ᠋ᠧᠮ ᠲᠠᠢ ᠰᠤᠷᠤᠯᠴᠠᠯ᠎ᠠ᠃ ᠨᠢᠭᠡ ᠵᠢᠭᠠᠪᠠᠯ ᠬᠤᠶᠡᠷ ᠢ ᠰᠤᠷᠴᠦ᠂ ᠬᠤᠶᠡᠷ ᠵᠢᠭᠠᠪᠠᠯ ᠭᠤᠷᠪᠡ ᠶᠢ ᠪᠤᠳᠤᠳᠠᠭ ᠠᠪᠬᠠᠯᠵᠢ ᠮᠡᠷᠭᠡᠨ ᠦᠬᠢᠨ ᠢᠶᠠᠨ | ᠬᠠᠷᠠᠭᠠᠳ ᠡᠵᠢ ᠨᠢ ︽ᠮᠢᠨᠦ ᠬᠡᠤᠬᠡᠨ ᠴᠢᠨᠢ ᠭᠠᠷ ᠲᠠᠭᠠᠨ ᠨᠢᠳᠤ ᠲᠠᠢ᠂ ᠬᠤᠷᠤᠭᠤᠨ ᠳᠠᠭᠠᠨ ᠲᠤᠮ ᠲᠠᠢ ᠰᠢᠤ︾ ᠬᠡᠵᠦ ᠲᠠᠩᠳᠠ ᠮᠠᠬᠳᠠᠨ ᠵᠤᠷᠢᠬᠵᠢᠭᠤᠯᠤᠨ᠎ᠠ᠃ | ᠰᠠᠨᠠᠵᠦ ᠶᠠᠪᠤᠪᠠᠯ ᠪᠦᠳᠦᠨ᠎ᠠ᠂ ᠰᠠᠵᠢᠯᠡᠵᠦ ᠶᠠᠪᠤᠪᠠᠯ ᠬᠦᠷᠦᠨ᠎ᠠ᠃ ᠠᠶᠢᠵᠡᠮ ᠬᠡᠤᠭᠡᠨ ᠨᠠᠮ ᠵᠠᠰᠠᠬ ᠤᠨ ᠬᠠᠯᠠᠮᠵᠢᠯᠠᠯ᠂ ᠨᠠᠰᠤᠳᠠᠢ ᠡᠵᠢ ᠶᠢᠨ ᠢᠶᠠᠨ ᠵᠤᠷᠢᠬᠵᠢᠭᠤᠯᠤᠯ ᠤᠨ | ᠬᠦᠴᠦᠨ ᠳᠤ ᠬᠦᠰᠡᠯ ᠵᠤᠷᠢᠯ ᠨᠢ ᠤᠯᠠᠮ ᠠᠴᠠ ᠤᠯᠠᠮ ᠦᠷᠭᠡᠵᠢᠨ ᠲᠡᠯᠡᠵᠦ᠂ ᠠᠩᠬ᠎ᠠ ᠡᠬᠢᠯᠡᠬᠦ ᠳᠡᠭᠡᠨ ᠠᠰᠢᠬ ᠤᠷᠤᠯᠭ᠎ᠠ ᠶᠢ ᠯᠡ ᠬᠦᠭᠡᠭᠡᠴᠡᠯᠳᠦᠳᠡᠭ ᠪᠠᠶᠢᠬᠰᠠᠨ | ᠨᠢᠯᠬᠠᠰᠠᠬ ᠪᠤᠳᠤᠯ ᠲᠠᠢ ᠪᠠᠶᠢᠬᠰᠠᠨ ᠠᠴᠠ ᠪᠠᠨ ᠤᠳᠤ ᠬᠠᠷᠢᠨ ︽ᠦᠨᠳᠤᠰᠤᠳᠡᠨ ᠤ ᠤᠯᠠᠮᠵᠢᠯᠠᠯᠳᠦ ᠭᠠᠷ ᠤᠷᠠᠯᠠᠯ ᠤᠨ ᠪᠦᠳᠦᠭᠡᠭᠳᠡᠬᠦᠨ ᠤ ᠬᠦᠭᠵᠢᠯᠳᠠ ᠶᠢᠨ | ᠪᠤᠭᠤᠮᠢ ᠶᠢ ᠬᠡᠷᠬᠢᠨ ᠲᠤᠭᠤᠯᠬᠤ ᠪᠤᠢ︖︾᠂ ︽︿ᠨᠡᠷᠡᠨ ᠬᠡᠤᠬᠡᠨ﹀ ᠪᠦᠳᠦᠭᠡᠭᠳᠡᠬᠦᠨ ᠤ ᠭᠠᠷᠬᠤ ᠵᠠᠮ ᠬᠠᠮᠢᠭ᠎ᠠ ᠪᠠᠶᠢᠨ᠎ᠠ︖︾᠂ ︽ᠲᠤᠮᠳᠠᠳᠤ ᠶᠢᠨ | ᠦᠨᠳᠦᠰᠦᠳᠡᠨ ᠤ ᠰᠤᠶᠤᠯ ᠤᠨ ᠰᠠᠩ ᠳᠤ ᠪᠢᠳᠡ ᠶᠠᠭᠤ ᠨᠡᠮᠡᠷᠢᠯᠡᠬᠦ ᠪᠤᠢ︖︾ ᠵᠡᠷᠭᠡ ᠲᠤᠮᠤ ᠠᠰᠠᠭᠤᠳᠠᠯ ᠢ ᠰᠡᠳᠭᠢᠳᠡᠭ ᠪᠤᠯᠪᠠ᠃ ᠡᠬᠦᠨ ᠤ ᠲᠤᠯᠠ᠂ ᠠᠶᠢᠵᠡᠮ ︽ | ᠨᠡᠷᠡᠨ ᠬᠡᠤᠬᠡᠨ ᠠᠵᠢᠯᠯᠠᠬᠤ ᠦᠷᠦᠭᠡ︾ ᠶᠢᠨ ᠪᠦᠳᠦᠭᠡᠭᠳᠡᠭᠦᠨ ᠢᠶᠠᠨ ᠴᠠᠭ ᠦᠶ᠎ᠠ ᠶᠢᠨ ᠬᠦᠭ ᠠᠶᠢᠵᠡᠮ ᠲᠠᠢ ᠠᠯᠬᠤᠭ᠎ᠠ ᠨᠡᠶᠢᠯᠡᠭᠦᠯᠦᠨ᠂ ︽ᠨᠡᠷᠡᠨ ᠬᠡᠤᠬᠡᠨ︾ ᠤ | ᠠᠷᠡᠰᠦ ᠰᠢᠷᠢ ᠶᠢᠨ ᠮᠡᠷᠭᠡᠵᠢᠯ ᠪᠤᠯᠤᠨ ᠤᠢᠰᠦᠨ ᠤᠷᠠᠯᠠᠯ᠂ ᠵᠠᠰᠠᠯ ᠵᠢᠮᠰᠡᠭ ᠤᠨ ᠤᠷᠠᠯᠠᠯ ᠵᠡᠷᠭᠡ ᠪᠤᠳᠡᠰ ᠤᠨ ᠪᠤᠰᠦ ᠰᠤᠶᠤᠯ ᠤᠨ ᠦᠪ ᠤᠨ ᠪᠤᠰᠤᠳ ᠲᠦᠷᠦᠯ bt365备用网址_365国际体育官网_365bet体育在线投注官网 | ᠵᠦᠢᠯ ᠲᠠᠢ ᠠᠭᠤᠰᠤᠯᠴᠠᠭᠤᠯᠤᠬᠰᠡᠨ ᠰᠢᠨ᠎ᠠ ᠪᠦᠳᠦᠭᠡᠭᠳᠡᠬᠦᠨ ᠢ ᠰᠤᠳᠤᠯᠤᠨ ᠪᠦᠳᠦᠭᠡᠭᠡᠳ ᠦᠢᠯᠡᠰ ᠤᠨ ᠵᠠᠮ ᠢᠶᠠᠨ ᠤᠯᠠᠮ ᠦᠷᠭᠡᠵᠢᠭᠦᠯᠦᠭᠰᠡᠨ ᠮᠦᠷᠳᠡᠭᠡᠨ | ᠬᠤᠰᠢᠭᠤᠨ ᠤ ᠲᠡᠰ ᠤᠨ ᠪᠤᠳᠡᠰ ᠤᠨ ᠪᠤᠰᠦ ᠰᠤᠶᠤᠯ ᠤᠨ ᠦᠪ ᠤᠨ ᠲᠦᠯᠦᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ ᠪᠠᠷ ᠨᠠᠷᠠᠶᠢᠳᠦᠭᠳᠡᠪᠡ᠃ | ᠠᠶᠢᠵᠡᠮ ᠬᠡᠤᠬᠡᠨ ︽ᠨᠡᠷᠡᠨ ᠬᠡᠤᠭᠡᠨ ᠠᠵᠢᠯᠯᠠᠬᠤ ᠦᠷᠦᠭᠡ︾ ᠶᠢᠨ ᠪᠦᠳᠦᠭᠡᠭᠳᠡᠬᠦᠨ ᠤ ᠰᠢᠨ᠎ᠠ ᠡᠬᠦᠳᠤᠯᠳᠠ᠂ ᠲᠦᠭᠦᠭᠡᠢ ᠮᠠᠲ᠋ᠧᠷᠢᠶᠠᠯ᠂ ᠦᠢᠯᠡᠳᠭᠦ | ᠮᠡᠷᠭᠡᠵᠢᠯ᠂ ᠪᠤᠷᠤᠯᠠᠭᠤᠯᠭ᠎ᠠ ᠬᠢᠭᠡᠳ ᠬᠡᠷᠡᠭᠯᠡᠭᠴᠢ ᠵᠡᠷᠭᠡ ᠤᠯᠠᠨ ᠲᠠᠯ᠎ᠠ ᠶᠢᠨ ᠠᠰᠠᠭᠤᠳᠠᠯ ᠢ ᠲᠠᠷᠤᠤ ᠬᠢᠴᠢᠶᠡᠩᠭᠦᠢ ᠤᠴᠢᠷᠯᠠᠨ ᠲᠤᠩᠭᠠᠵᠦ᠂ ᠨᠢᠮᠪᠠᠢ ᠬᠢᠨᠠᠮᠠᠭᠠᠢ | ᠤᠬᠠᠭᠠᠯᠡᠨ ᠲᠦᠰᠤᠪᠯᠡᠵᠦ᠂ ᠵᠤᠷᠢᠬ ᠮᠤᠬᠤᠰᠢ ᠦᠭᠡᠢ ᠤᠷᠤᠯᠳᠤᠵᠦ ᠲᠤᠷᠰᠢᠬᠰᠠᠭᠠᠷ ᠤᠳᠤ ᠨᠢᠭᠡᠨᠳᠡ ᠴᠠᠬ ᠤᠨ ᠠᠶᠢᠵᠡᠮ ᠲᠠᠢ ᠬᠦᠭ ᠨᠡᠶᠢᠯᠡᠭᠰᠡᠨ ︽ᠤᠯᠠᠮᠵᠢᠯᠠᠯ | + ᠤᠷᠤᠰᠬᠠᠯ + ᠮᠡᠷᠭᠡᠵᠢᠯ︾᠂ ︽ᠴᠢᠨᠡᠷ + ᠢᠳᠡᠭᠡᠮᠵᠢ + ᠰᠦᠯᠵᠢᠶ᠎ᠠ︾ ᠬᠡᠬᠦ ᠪᠦᠳᠦᠭᠡᠭᠳᠡᠬᠦᠨ ᠤ ᠡᠬᠦᠳᠤᠯᠳᠠ ᠬᠢᠭᠡᠳ ᠡᠵᠡᠩᠨᠡᠯᠳᠡ ᠪᠤᠷᠤᠯᠠᠭᠤᠯᠭ᠎ᠠ ᠶᠢᠨ | ᠰᠢᠨ᠎ᠠ ᠵᠠᠬᠪᠤᠷ ᠢ ᠦᠢᠯᠡᠳᠦᠯᠭᠡᠵᠢᠬᠦᠯᠵᠦ᠂ ︽ᠨᠠᠷᠠᠨ ᠬᠡᠤᠬᠡᠨ︾ ᠪᠦᠳᠦᠭᠡᠭᠳᠡᠭᠦᠨ ᠨᠢ ᠤᠯᠤᠰ ᠤᠨ ᠲᠤᠳᠤᠭᠠᠳᠦ ᠭᠠᠳᠠᠭᠠᠳᠦ ᠶᠢᠨ ᠶᠡᠭᠡ ᠪᠠᠭ᠎ᠠ ᠬᠤᠷᠡᠯ ᠴᠤᠬᠯᠠᠭ᠎ᠠ᠂ | ᠦᠵᠡᠰᠭᠦᠯᠡᠩ ᠦᠵᠡᠭᠦᠯᠭᠡ ᠶᠢ ᠤᠷᠳᠤᠭᠤᠷ ᠢᠶᠠᠨ ᠰᠤᠯᠠ ᠭᠠᠷᠭᠠᠬᠤ ᠦᠭᠡᠢ ᠤᠷᠤᠯᠴᠠᠭ᠎ᠠ ᠰᠠᠶᠢᠳᠠᠢ ᠨᠡᠷᠡᠳᠦ ᠲᠡᠮᠳᠡᠭᠳᠦ ᠪᠤᠯᠵᠠᠢ᠃ ᠲᠡᠷᠡ ᠪᠠᠰᠠ | ᠪᠦᠲᠦᠭᠡᠭᠳᠡᠭᠦᠨ ᠤ ᠪᠠᠨ ᠤᠨᠴᠠᠯᠢᠬ ᠲᠤᠨᠢ ᠲᠤᠬᠢᠷᠠᠭᠤᠯᠤᠨ᠂ ᠪᠤᠳᠠᠳᠤ ᠴᠤᠬᠴᠠ ᠪᠠ ᠰᠦᠯᠵᠢᠶᠡᠨ ᠤ ᠪᠤᠷᠤᠯᠠᠭᠤᠯᠭ᠎ᠠ ᠶᠢ ᠪᠦᠲᠦᠮᠵᠢᠲᠡᠢ ᠤᠶᠠᠯᠳᠤᠭᠤᠯᠬᠤ ᠪᠤᠶᠤ | ᠰᠡᠯᠡᠬᠦᠴᠡᠯ ᠵᠤᠭᠠᠴᠠᠯ᠂ ᠵᠤᠴᠢᠳ ᠤᠨ ᠪᠠᠭᠤᠳᠠᠯ ᠲᠠᠢ ᠬᠠᠮᠵᠢᠯᠴᠠᠨ ᠪᠤᠷᠤᠯᠠᠭᠤᠯᠬᠤ ᠵᠢᠴᠢ ᠤᠨᠴᠠᠯᠢᠬᠳᠦ ᠪᠦᠲᠦᠭᠡᠭᠳᠡᠭᠦᠨ ᠢᠶᠠᠨ ᠵᠢᠷᠬᠢᠶ᠎ᠠ ᠶᠢᠨ ᠨᠠᠶᠢᠵᠠ ᠶᠢᠨ | ᠲᠤᠭᠤᠷᠢᠬ ᠲᠠᠭᠠᠨ ᠬᠤᠪᠢᠶᠠᠯᠴᠠᠨ᠎ᠠ᠃ ᠡᠨᠡ ᠬᠦ ᠠᠷᠭ᠎ᠠ ᠨᠢ ᠬᠡᠷᠡᠭᠯᠡᠭᠴᠢᠳ ᠤᠨ ᠬᠠᠷᠠᠭᠠᠨ ᠳᠤ ᠦᠷᠳᠤᠵᠦ ᠡᠬᠢᠯᠡᠬᠦ ᠪᠠᠷ ᠲᠡᠬᠦᠨ ᠤ ᠠᠵᠢᠯᠯᠠᠬᠤ ᠦᠷᠦᠭᠡᠨ ᠤ | ᠪᠦᠳᠦᠭᠡᠭᠳᠡᠬᠦᠨ ᠤ ᠪᠤᠷᠤᠯᠠᠭᠤᠯᠭ᠎ᠠ ᠪᠠᠰᠠ ᠨᠢᠭᠡᠨ ᠬᠡᠮᠵᠢᠶᠡᠨ ᠳᠤ ᠨᠡᠮᠡᠭᠳᠡᠭᠰᠡᠨ ᠮᠦᠷᠳᠡᠭᠡᠨ ᠠᠰᠢᠭ ᠤᠷᠤᠯᠭ᠎ᠠ ᠨᠢ ᠴᠤ ᠤᠯᠠᠮ ᠢᠶᠠᠷ ᠨᠡᠮᠡᠭᠳᠡᠵᠦ ᠢᠷᠡᠵᠠᠢ᠃ ᠤᠳᠤ | ᠲᠡᠭᠦᠨ ᠤ ᠠᠵᠢᠯᠯᠠᠬᠤ ᠦᠷᠦᠭᠡ ᠨᠢ ︽ᠨᠠᠷᠠᠨ ᠬᠡᠤᠬᠡᠨ︾᠂ ︽ᠨᠠᠷᠠᠨ ᠬᠤᠸᠠᠷ︾ ᠰᠢᠷᠢᠰ ᠪᠦᠲᠦᠭᠡᠭᠳᠡᠭᠦᠨ ᠪᠦᠬᠦᠢ ᠡᠬᠡᠮᠦᠭ᠂ ᠰᠤᠨᠳᠤᠷ᠂ ᠬᠡᠵᠢᠭᠡᠨ ᠤ ᠤᠷᠢᠶᠠᠯᠲᠠ᠂ | ᠲᠡᠷᠭᠡᠨ ᠤ ᠵᠡᠭᠦᠯᠲᠡ᠂ ᠬᠦᠯᠳᠡᠭᠡᠭᠦᠷ ᠤᠨ ᠨᠠᠭᠠᠯᠲᠠ᠂ ᠭᠠᠷ ᠤᠳᠠᠰᠤᠨ ᠤ ᠲᠠᠯᠪᠢᠭᠤᠷ᠂ ᠺᠤᠮᠫᠢᠦ᠋ᠲ᠋ᠧᠷ ᠤᠨ ᠪᠤᠬᠴᠤ ᠵᠡᠷᠭᠡ 100 ᠭᠠᠷᠤᠢ ᠲᠦᠷᠦᠯ ᠤᠨ | ᠦᠨᠳᠤᠰᠤᠳᠡᠨ ᠤ ᠤᠨᠴᠠᠯᠢᠬᠳᠦ ᠪᠦᠲᠦᠭᠡᠭᠳᠡᠭᠦᠨ ᠲᠠᠢ ᠪᠤᠯᠵᠦ᠂ ᠨᠡᠩ ᠦᠷᠭᠡᠨ ᠵᠠᠬ᠎ᠠ ᠲᠡᠯᠭᠡᠭᠦᠷ᠂ ᠨᠡᠩ ᠤᠯᠠᠨ ᠬᠡᠷᠡᠭᠯᠡᠭᠴᠢ ᠶᠢᠨ ᠬᠡᠷᠡᠭᠴᠡᠭᠡ ᠱᠠᠭᠠᠷᠳᠠᠯᠭ᠎ᠠ ᠶᠢ | ᠬᠠᠨᠭ᠍ᠭᠠᠬᠤ ᠴᠢᠳᠠᠪᠤᠷᠢ ᠶᠢ ᠪᠦᠷᠢᠯᠳᠦᠭᠦᠯᠵᠠᠢ᠃ | ᠨᠠᠷᠠ ᠲᠠᠭᠠᠬᠰᠠᠨ ᠪᠠᠭᠤᠴᠠ ᠨᠦᠮᠦᠷᠢ ᠲᠤᠯᠠᠭᠠᠬᠠᠨ ᠪᠠᠶᠢᠳᠠᠬ᠃ ᠨᠤᠳᠤᠬ ᠤᠨ ᠪᠤᠭᠤᠷᠤᠯ ᠲᠤᠮᠤᠬ ᠢᠶᠠᠷ ᠦᠢᠯᠡᠰ ᠤᠨ ᠨᠠᠷᠠ ᠪᠠᠨ ᠪᠡᠯᠭᠡᠰᠢᠶᠡᠭᠰᠡᠨ | ᠠᠶᠢᠵᠡᠮ ᠤᠨ ᠠᠵᠢᠯᠯᠠᠬᠤ ᠦᠷᠦᠭᠡ ᠴᠠᠬᠯᠠᠰᠢ ᠦᠭᠡᠢ ᠴᠠᠬ ᠤᠨ ᠰᠠᠶᠢᠬᠠᠨ ᠳᠤ ᠲᠤᠬᠢᠶᠠᠵᠦ᠂ ᠨᠠᠷᠠ ᠰᠢᠬ ᠲᠤᠯᠠᠭᠠᠬᠠᠨ ᠨᠠᠮ ᠤᠨ ᠢᠪᠡᠭᠡᠯ ᠳᠤ ᠰᠤᠶᠤᠷᠬᠠᠬᠳᠠᠵᠦ᠂ | ᠦᠭᠡᠳᠡ ᠮᠦᠷ ᠢᠶᠠᠨ ᠦᠵᠡᠨ᠂ ᠦᠯᠡᠮᠵᠢ ᠬᠦᠭᠵᠢᠯ ᠢᠶᠠᠨ ᠲᠠᠯᠠᠯᠤᠨ᠎ᠠ᠃ ᠬᠦᠭᠡᠷᠦᠬᠦᠢ ᠡᠵᠢ ᠨᠢ ᠭᠠᠭᠴᠠᠭᠠᠷ ᠢᠶᠠᠨ ᠮᠤᠩᠭᠠᠨᠢᠳᠠᠬ ᠪᠠᠶᠢᠬᠰᠠᠨ︽ᠨᠡᠷᠡᠨ ᠬᠡᠤᠬᠡᠨ | ᠠᠵᠢᠯᠯᠠᠬᠤ ᠦᠷᠦᠭᠡ︾ ᠨᠢ ᠤᠳᠤ ᠨᠢᠭᠡᠨᠳᠡ 18 ᠠᠵᠢᠯᠳᠡᠨ ᠲᠠᠢ ᠲᠤᠮᠤᠬᠠᠨ ᠭᠡᠷ ᠪᠦᠯᠢ ᠪᠤᠯᠤᠬᠰᠠᠨ ᠪᠦᠭᠡᠳ ᠵᠢᠯ ᠪᠦᠷᠢ ᠠᠮᠧᠷᠢᠺᠠ᠂ ᠤᠷᠤᠰ᠂ ᠶᠠᠫᠤᠨ ᠵᠡᠷᠭᠡ | 10 ᠭᠠᠷᠤᠢ ᠤᠯᠤᠰ ᠬᠢᠭᠡᠳ ᠯᠾᠡᠰᠠ᠂ ᠰᠢᠨᠵᠢᠶᠠᠩ᠂ ᠰᠠᠨᠶᠠ ᠵᠡᠷᠭᠡ ᠤᠯᠤᠰ ᠤᠨ ᠲᠤᠳᠤᠭᠠᠳᠦ ᠶᠢᠨ ᠡᠯ᠎ᠠ ᠭᠠᠵᠡᠷ ᠤᠷᠤᠨ ᠤ ᠬᠡᠷᠡᠭᠯᠡᠭᠴᠢᠳ ᠤᠨ ᠲᠦᠮᠡᠨ ᠢᠯᠡᠬᠦᠤ | ᠬᠤᠪᠢ ᠵᠠᠬᠢᠶᠠᠯᠠᠭ᠎ᠠ ᠶᠢ ᠲᠤᠰᠴᠤ᠂ ᠵᠢᠯ ᠪᠦᠷᠢ ᠶᠢᠨ ᠪᠤᠷᠤᠯᠠᠭᠤᠯᠭ᠎ᠠ ᠶᠢᠨ ᠦᠷᠳᠡᠭ 100 ᠲᠦᠮᠡᠨ ᠲᠦᠭᠦᠷᠢᠭ ᠢ ᠲᠠᠪᠠᠭᠰᠠᠨ ᠬᠤᠪᠢ ᠶᠢᠨ ᠠᠵᠤ ᠠᠬᠤᠶᠢᠯᠠᠯ᠂ | ᠨᠤᠳᠤᠬ ᠤᠰᠤᠨ ᠤ ᠪᠠᠨ ᠠᠯᠳᠠᠷ ᠢ ᠡᠷᠭᠦᠭᠰᠡᠨ ᠰᠤᠶᠤᠯ ᠤᠨ ᠠᠵᠦ ᠦᠢᠯᠡᠰ ᠪᠤᠯᠵᠠᠢ᠃ | ︽︿ᠨᠠᠷᠠᠨ ᠬᠡᠤᠬᠡᠨ﹀ ᠤᠳᠤ ᠨᠢᠭᠡᠨᠳᠡ ᠮᠠᠨ ᠤ ᠬᠤᠰᠢᠭᠤᠨ ᠤ ᠨᠢᠭᠡᠨ ᠨᠡᠷ᠎ᠡ ᠶᠢᠨ ᠬᠠᠭᠤᠳᠠᠰᠤ ᠪᠤᠯᠵᠠᠢ᠃ ᠤᠷᠴᠢᠮ ᠤᠨ ᠵᠢᠯ ᠳᠤ᠂ ᠲᠠᠷᠠ ᠬᠤᠯᠠ | ᠤᠶᠢᠷ᠎ᠠ ᠶᠢᠨ ᠮᠠᠯᠴᠢᠨ ᠲᠠᠷᠢᠶᠠᠴᠢᠨ ᠳᠤ ︿ᠨᠡᠷᠡᠨ ᠬᠡᠤᠬᠡᠨ﹀ ᠤ ᠪᠦᠳᠦᠭᠡᠭᠳᠡᠭᠦᠨ ᠦᠢᠯᠡᠳᠬᠦ ᠮᠡᠷᠭᠡᠵᠢᠯ ᠢ ᠰᠤᠷᠭᠠᠬᠤ ᠶᠢᠨ ᠲᠠᠭᠠᠤ ᠲᠦᠭᠦᠭᠡᠢ ᠮᠠᠲ᠋ᠧᠷᠢᠶᠠᠯ ᠬᠠᠩᠭᠠᠨ | ᠦᠭᠴᠤ᠂ ᠰᠠᠷ᠎ᠠ ᠪᠦᠷᠢ ᠲᠡᠳᠡᠨ ᠤ ᠤᠶᠤᠬᠰᠡᠨ ᠭᠠᠷ ᠤᠷᠡᠯᠡᠯ ᠤᠨ ᠪᠦᠲᠦᠭᠡᠭᠳᠡᠭᠦᠨ ᠢ ᠨᠢ ᠬᠤᠳᠠᠯᠳᠤᠨ ᠠᠪᠬᠤ ᠬᠡᠯᠪᠡᠷᠢ ᠪᠠᠷ 200 ᠭᠠᠷᠤᠢ ᠮᠠᠯᠴᠢᠨ | ᠲᠠᠷᠢᠶᠠᠴᠢᠨ ᠳᠤ ᠲᠤᠬᠳᠠᠮᠠᠯ ᠤᠷᠤᠯᠭ᠎ᠠ ᠤᠯᠭᠤᠵᠦ ᠪᠤᠢ︾᠃ ᠡᠨᠡ ᠪᠤᠯ ᠡᠸᠡᠩᠬᠢ ᠦᠨᠳᠤᠰᠤᠳᠡᠨ ᠤ ᠦᠪᠡᠷᠳᠡᠭᠡᠨ ᠵᠠᠰᠠᠬᠤ ᠬᠤᠰᠢᠭᠤᠨ ᠤ ᠰᠤᠶᠤᠯ ᠲᠠᠮᠢᠷ ᠵᠤᠭᠠᠴᠠᠯ | ᠷᠡᠳᠢᠤ᠋ ᠲᠧᠯᠸᠢᠰ ᠲᠤᠪᠴᠢᠶ᠎ᠠ ᠶᠢᠨ ᠲᠠᠷᠤᠭ᠎ᠠ ᠯᠢᠤᠢ ᠳ᠋ᠢᠶᠡᠨ ᠼᠠᠢ ᠶᠢᠨ ᠠᠶᠢᠵᠡᠮ ᠤᠨ ᠲᠤᠬᠠᠢ ᠲᠦᠬᠦᠮ ᠦᠨᠡᠯᠡᠯᠳᠡ᠃ | ᠮᠠᠨᠳᠤᠬᠤ ᠨᠠᠷᠠ ᠶᠢ ᠤᠬᠳᠤᠨ ᠡᠳᠦᠷ ᠤᠨ ᠠᠵᠢᠯ ᠢᠶᠠᠨ ᠡᠬᠢᠯᠡᠬᠦᠯᠬᠦ ᠳᠡᠭᠡᠨ ᠠᠶᠢᠵᠡᠮ ᠬᠡᠤᠬᠡᠨ ᠬᠤᠶᠢᠮᠤᠷ ᠲᠠᠭᠠᠨ ᠵᠠᠰᠠᠬᠰᠡᠨ ᠦᠪᠡᠷᠲᠡᠭᠡᠨ ᠵᠠᠰᠠᠬᠤ | ᠤᠷᠤᠨ ᠤ ︽5·1︾ ᠤ ᠬᠦᠳᠡᠯᠮᠦᠷᠢ ᠶᠢᠨ ᠱᠠᠩᠨᠠᠯ᠂ ᠦᠪᠦᠷ ᠮᠤᠩᠭᠤᠯ ᠤᠨ ᠵᠠᠯᠠᠭᠤᠴᠤᠳ ᠤᠨ ᠰᠢᠨ᠎ᠡ ᠶᠢ ᠡᠭᠦᠳᠦᠨ ᠦᠢᠯᠡᠰ ᠪᠤᠰᠬᠠᠵᠤ ᠰᠢᠯᠢᠳᠡᠭ ᠢ ᠡᠭᠦᠳᠦᠭᠰᠡᠨ | ᠵᠢᠱᠢᠶᠡᠴᠢ᠂ ᠰᠢᠨ᠎ᠡ ᠴᠠᠬ ᠦᠶ᠎ᠡ ᠶᠢᠨ ᠦᠪᠦᠷ ᠮᠤᠩᠭᠤᠯ ᠤᠨ ᠦᠭᠡᠳᠡᠷᠭᠡᠭ ᠰᠠᠶᠢᠨ ᠵᠠᠯᠠᠭᠤᠰ᠂ ᠬᠦᠯᠦᠨ ᠪᠤᠶᠢᠷ ᠬᠤᠳᠠ ᠶᠢᠨ ᠬᠦᠳᠡᠯᠮᠤᠷᠢ ᠶᠢᠨ ᠵᠢᠱᠢᠶᠡᠴᠢ ᠵᠡᠷᠭᠡ | ᠢᠷᠠᠭᠤ ᠠᠯᠳᠠᠷ ᠤᠨ ᠫᠠᠶᠢᠰᠠ ᠲᠠᠮᠳᠡᠭ ᠢᠶᠠᠨ ᠲᠤᠭᠤᠰᠤ ᠰᠠᠭᠤᠯᠭᠠᠯ ᠦᠭᠡᠢ ᠭᠢᠯᠠᠶᠢᠳᠠᠯ᠎ᠠ ᠵᠦᠯᠭᠦᠨ᠎ᠡ᠃ ︽ᠤᠴᠢᠷ ᠨᠢ ᠡᠨᠡ ᠮᠢᠨᠤ ᠬᠤᠪᠢ ᠬᠦᠮᠦᠨ ᠤ ᠦᠡᠭᠭᠡ | ᠭᠡᠷᠡᠯ ᠲᠡᠳᠦᠢ ᠪᠢᠰᠢ᠂ ᠬᠠᠷᠢᠨ ᠤᠯᠤᠰ ᠲᠦᠮᠡᠨ ᠠᠴᠠ ᠡᠸᠡᠩᠬᠢᠴᠤᠳ ᠪᠢᠳᠡᠨ ᠤ ᠦᠪᠡᠷᠮᠢᠴᠡ ᠰᠤᠶᠤᠯ ᠳᠤ ᠤᠯᠭᠤᠬᠰᠠᠨ ᠰᠡᠪᠳᠦᠭᠡᠵᠦ ᠪᠤᠯᠤᠰᠢ ᠦᠭᠡᠢ ᠢᠷᠠᠭᠤ | ᠠᠯᠳᠠᠷ ᠪᠠᠶᠢᠭ᠎ᠠ ᠰᠢᠤ︾ ᠭᠡᠵᠦ ᠠᠶᠢᠵᠡᠮ ᠪᠤᠳᠤᠯ ᠵᠤᠷᠢᠭ ᠢᠶᠠᠨ ᠬᠦᠪᠴᠢᠯᠡᠨ᠎ᠠ᠃ | ᠠᠶᠢᠵᠡᠮ ᠬᠡᠤᠬᠡᠨ ᠶᠡᠷᠦ ᠨᠢ ᠨᠠᠷᠠ ᠲᠠᠢ ᠵᠠᠶᠠᠭ᠎ᠠ ᠶᠢ ᠦᠪᠯᠡᠭᠰᠡᠨ ᠬᠦᠮᠦᠨ ᠪᠠᠶᠢᠵᠠᠢ᠃ | bt365备用网址_365国际体育官网_365bet体育在线投注官网 | | | | | | | |