| ᠰᠤᠷᠪᠤᠯᠵᠢᠯᠠᠭᠴᠢ 2 ᠰᠠᠷ᠎ᠠ ᠶᠢᠨ 1 ᠤ ᠡᠳᠦᠷ ᠱᠠᠩᠬᠠᠶ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ ᠣᠶᠢᠯᠠᠭᠠᠭᠰᠠᠨ | ᠢᠶᠠᠷ᠂ ᠣᠶᠢᠷ᠎ᠠ ᠳᠤ ᠱᠠᠩᠬᠠᠶ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠢᠳᠡᠭᠡᠨ ᠤ ᠠᠮᠤᠷ ᠲᠦᠪᠰᠢᠨ ᠤ ᠰᠤᠭᠤᠴᠢᠨ ᠪᠠᠶᠢᠴᠠᠭᠠᠯᠲᠠ | ᠬᠢᠪᠡ᠂ ᠲᠣᠰ ᠤᠳᠠᠭᠠᠨ ᠤ ᠰᠤᠭᠤᠴᠢᠨ ᠪᠠᠶᠢᠴᠠᠭᠠᠯᠲᠠ ᠶᠢᠨ ᠮᠡᠳᠡᠭᠡ ᠵᠠᠩᠭᠢ ᠳᠤ 5 ᠶᠡᠭᠡ ᠲᠥᠷᠥᠯ ᠤᠨ ᠢᠳᠡᠭᠡᠨ ᠳᠤ ᠬᠤᠯᠪᠣᠭᠳᠠᠵᠦ᠂ ᠪᠢᠩᠭᠠᠨ᠂ ᠪᠣᠭᠤᠷᠰᠤᠭ᠂ | ᠯᠠᠰᠠᠳᠤ ᠢᠳᠡᠭᠡᠨ᠂ ᠠᠮᠤ ᠪᠤᠳᠠᠭ᠎ᠠ ᠪᠠᠷ ᠪᠣᠯᠪᠠᠰᠤᠷᠠᠭᠤᠯᠤᠭᠰᠠᠨ ᠡᠳ᠋ ᠪᠠ ᠢᠳᠡᠰᠢᠨ ᠤ ᠲᠠᠷᠢᠶᠠᠯᠠᠩ ᠤᠨ ᠪᠦᠲᠦᠭᠡᠭᠳᠡᠬᠦᠨ ᠢ ᠪᠠᠭᠳᠠᠭᠠᠵᠠᠢ᠃ ᠨᠡᠶᠢᠲᠡ 513 ᠪᠦᠯᠦᠭ | ᠤᠳᠠᠭ᠎ᠠ ᠶᠢᠨ ᠥᠯᠢᠭᠡᠷ ᠡᠳ᠋ ᠢ ᠰᠤᠭᠤᠴᠢᠨ ᠪᠠᠶᠢᠴᠠᠭᠠᠵᠦ᠂ ᠡᠭᠦᠨ ᠳᠤ 509 ᠪᠦᠯᠦᠭ ᠤᠳᠠᠭ᠎ᠠ ᠶᠢᠨ ᠥᠯᠢᠭᠡᠷ ᠡᠳ᠋ ᠬᠢᠷᠢ ᠲᠡᠩᠴᠡᠵᠠᠢ᠂ ᠣᠲᠣ 4 ᠪᠦᠯᠦᠭ | ᠤᠳᠠᠭ᠎ᠠ ᠶᠢᠨ ᠬᠢᠷᠢ ᠲᠡᠩᠴᠡᠭᠰᠡᠨ ᠥᠬᠡᠶ ᠦᠢᠯᠡᠳᠬᠦᠨ ᠢ ᠨᠡᠶᠢᠲᠡᠯᠡᠰᠦᠭᠡᠢ᠃ | ᠬᠢᠷᠢ ᠲᠡᠩᠴᠡᠭᠰᠡᠨ ᠦᠭᠡᠢ ᠦᠯᠢᠭᠡᠷ ᠡᠳ᠋᠄ | 1. ᠭᠤᠭᠤᠳ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠬᠤᠲᠠ ᠶᠢᠨ ᠵᠢᠶᠠ ᠳ᠋ᠢᠩ ᠲᠣᠭᠤᠷᠢᠭ ᠤᠨ ᠬᠤᠸᠠᠩ ᠳ᠋ᠦ᠋ ᠪᠠᠯᠭᠠᠰᠤᠨ ᠤ ᠵᠧᠩ | ᠴᠢᠤᠸᠠᠨ ᠢᠳᠡᠰᠢᠨ ᠨᠣᠭᠤᠭ᠎ᠠ ᠶᠢᠨ ᠳᠡᠯᠭᠡᠭᠦᠷ᠂ ᠰᠦᠯᠵᠢᠶᠡᠨ ᠤ ᠳᠡᠯᠭᠡᠭᠦᠷ ᠤᠨ ᠨᠡᠷᠡᠶᠢᠳᠦᠯ ᠥᠯᠥᠰᠪᠡ ᠦᠦ — ᠶᠢᠦ ᠰᠢᠶᠠᠨ ᠨᠢᠭᠡ ᠨᠤᠮᠧᠷᠳᠦ ᠱᠠᠩᠬᠠᠶ ᠶᠢᠨ | ᠬᠤᠸᠠᠩ ᠳ᠋ᠦ᠋ ᠢᠳᠡᠰᠢᠨ ᠨᠣᠭᠤᠭ᠎ᠠ ᠶᠢᠨ ᠵᠠᠬ᠎ᠠ ᠳᠡᠯᠭᠡᠭᠦᠷ︶ ᠬᠢᠷᠢ ᠲᠡᠩᠴᠡᠭᠦ ᠥᠬᠡᠶ ᠲᠥᠷᠥᠯ ᠵᠦᠢᠯ᠄ ᠪᠠᠺᠲ᠋ᠧᠷᠢ ᠠᠯᠠᠬᠤ ᠡᠮ ᠹᠦ᠋ ᠮᠸᠢ ᠯᠢ | 2. ᠬᠠᠶᠢᠭᠠ ᠵᠢᠭᠠᠰᠤ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠶᠢᠨ ᠵᠢᠩ ᠬᠤᠩ ᠠᠷᠠᠯᠵᠢᠶᠠᠨ ᠤ ᠬᠢᠵᠠᠭᠠᠷᠲᠤ ᠺᠣᠮᠫᠠᠨᠢ︶᠂ ᠬᠢᠷᠢ ᠲᠡᠩᠴᠡᠭᠦ | ᠥᠬᠡᠶ ᠲᠥᠷᠥᠯ ᠵᠦᠢᠯ᠄ ᠲᠣᠭᠤᠰ ᠴᠢᠯᠠᠭᠤᠨ ᠨᠣᠭᠤᠭᠠᠨ ᠠᠭᠤᠰᠤᠮᠠᠯ | 3. ᠬᠡᠯᠲᠡᠭᠡ ᠵᠢᠭᠠᠰᠤ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠬᠤᠲᠠ ᠶᠢᠨ ᠹᠧᠩ ᠰᠢᠶᠠᠨ ᠲᠣᠭᠤᠷᠢᠭ ᠤᠨ ᠵᠢᠶᠦ᠋ᠨ ᠶᠧ ᠤᠰᠤᠨ | ᠭᠠᠷᠤᠯᠲᠠ ᠶᠢᠨ ᠡᠵᠡᠩᠨᠡᠯᠲᠡ ᠶᠢᠨ ᠭᠠᠵᠠᠷ︶᠂ ᠬᠢᠷᠢ ᠲᠡᠩᠴᠡᠬᠦ ᠦᠭᠡᠶ ᠲᠥᠷᠥᠯ ᠵᠦᠢᠯ᠄ ᠪᠠᠺᠲ᠋ᠧᠷᠢ ᠲᠠᠷᠤᠬᠤ ᠡᠮ ᠡᠸ᠋ᠨ ᠨᠦᠸᠧ ᠱᠠ ᠰᠢᠩ | 4. ᠬᠡᠦᠷᠰᠢᠮᠡᠯ ᠰᠢᠬᠢᠷᠲᠦ ᠪᠢᠩᠭᠠᠨ ︵ᠦᠢᠯᠡᠳᠪᠦᠷᠢᠯᠡᠭᠰᠡᠨ ᠬᠤᠳᠠᠯᠳᠤᠭᠠᠴᠢᠨ ᠨᠢ ᠬᠤᠪᠧᠢ ᠶᠢᠨ ᠭᠤᠸᠠᠩ ᠹᠧᠩ ᠢᠳᠡᠭᠡᠨ ᠤ ᠬᠢᠵᠠᠭᠠᠷᠲᠤ ᠺᠣᠮᠫᠠᠨᠢ᠂ | ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠢ ᠬᠤᠲᠠ ᠶᠢᠨ ᠹᠧᠩ ᠰᠢᠶᠠᠨ ᠲᠣᠭᠤᠷᠢᠭ ᠤᠨ ᠯᠠᠢ ᠹᠧᠨ ᠢᠳᠡᠭᠡᠨ ᠤ ᠳᠡᠯᠭᠡᠭᠦᠷ︶᠂ ᠬᠢᠷᠢ ᠲᠡᠩᠴᠡᠬᠦ ᠦᠭᠡᠢ | ᠲᠥᠷᠦᠯ ᠵᠦᠢᠯ᠄ ᠬᠡᠲᠦ ᠢᠰᠦᠯᠳᠦᠯ ᠤᠨ ᠬᠡᠮᠵᠢᠭᠳᠡᠯ ︵ᠦᠭᠡᠭᠦᠨ ᠤ ᠬᠡᠮᠵᠢᠬᠦᠷ ᠢᠶᠠᠷ ᠪᠣᠳᠣᠪᠠ︶ | |