ᠳᠠᠷᠬᠠᠨ ᠳᠠᠭᠤᠴᠢᠨ ᠬᠠᠭᠠᠨ ᠤᠷᠠᠯᠢᠭᠴᠢᠨ ᡀᠠᠵᠠᠪ ᠤᠨ ᠥᠨᠳᠡᠭᠡᠨ ᠳᠣᠯᠣᠭᠠᠨ ᠭᠠᠯᠠᠭᠤᠨ ᠤ ᠬᠢᠨᠢ ᠬᠤᠰᠢᠭᠤᠴᠢ ᠲᠦᠷᠦᠭᠦᠴᠢ᠂ ᠮᠣᠩᠭᠤᠯ ᠨᠤᠲᠤᠭ | ᠮᠠᠯᠴᠢᠨ ᠲᠦᠮᠡᠨ ᠢᠶᠠᠨ ᠡᠯᠢᠭᠡ ᠵᠢᠷᠦᠬᠡᠨ ᠳᠡᠭᠡᠷ᠎ᠡ ᠳᠡᠭᠡᠳᠦᠯᠡᠵᠦ ᠶᠠᠪᠤᠭᠰᠠᠨ ᠠᠭᠤᠤ ᠳᠠᠭᠤᠴᠢᠨ ᠲᠠᠯᠢᠢᠭᠠᠴᠢ ᡀᠠᠰᠥ᠋ᠷᠣᠩ ᠪᠣᠯᠤᠨ ᠲᠥᠷᠥ ᠶᠢᠨ ᠲᠡᠷᠢᠭᠦᠨ | ᠪᠠᠶᠢᠷᠢ ᠶᠢᠨ ᠵᠣᠬᠢᠶᠠᠯᠴᠢ᠂ ᠬᠤᠱᠣᠢ ︽ᠰᠣᠯᠣᠩᠭ᠎ᠠ︾ ᠱᠠᠩᠨᠠᠯᠲᠤ ᠲᠠᠷᠴᠢᠳ ᠡᠯᠬᠡᠩᠭᠡ ᠬᠤᠶᠠᠷ ᠳᠥᠴᠢᠨ ᠵᠢᠯ ᠤᠨ ᠨᠥᠬᠦᠷᠯᠡᠯ ᠲᠠᠢ ᠰᠠᠶᠢᠨ ᠨᠠᠶᠢᠵᠠ᠃ ︽ | ᠰᠢᠯᠢ ᠶᠢᠨ ᠭᠤᠣᠯ︾ ᠭᠡᠵᠤ ᠥᠪᠥᠷ ᠮᠣᠩᠭᠤᠯ ᠤᠨ ᠤᠳᠬ᠎ᠠ ᠵᠣᠬᠢᠶᠠᠯ ᠤᠨ ᠬᠢᠨ ᠤ ᠡᠮᠦᠨ᠎ᠡ ᠪᠠᠨ ᠪᠠᠷᠢᠳᠠᠭ ᠰᠡᠳᠬᠦᠯ ᠤᠨ ︽ᠠᠷᠠᠯ︾ ᠶᠢ ᠨᠢ ᠡᠷᠭᠦᠵᠦ ︽ | ᠪᠤᠭᠤᠯᠠᠭ᠎ᠠ︾ ᠶᠢ ᠨᠢ ᠪᠦᠬᠦᠯᠢ ᠨᠠᠰᠤ ᠪᠠᠷ ᠢᠶᠠᠨ ᠲᠠᠲᠠᠭᠰᠠᠨ ᠲᠣᠮᠣ ᠰᠡᠳᠬᠦᠯᠴᠢ᠂ ᠶᠠᠰᠤᠲᠠᠢ ᠢᠷᠠᠭᠤ ᠨᠠᠶᠢᠷᠠᠭᠴᠢ ᠲᠠᠷᠴᠢᠳ ᠡᠯᠬᠡᠩᠭᠡ ︽ᠮᠠᠩᠭᠤᠳ ᠤᠪᠣᠭ ᠤᠨ | ᠮᠠᠨ ᠤ ᡀᠠᠰᠥ᠋ᠷᠣᠩ ᠮᠠᠨᠳᠣᠭᠰᠠᠨ ᠵᠠᠭᠤᠨ ᠤ ᠲᠠᠷᠬᠠᠨ ᠲᠠᠭᠤᠴᠢᠨ︾ ᠬᠡᠮᠡᠨ ᠡᠮᠭᠡᠨᠢᠯ ᠤᠨ ᠨᠢᠯᠪᠤᠰᠤ ᠪᠠᠨ ᠲᠤᠰᠤᠯᠠᠭᠤᠯᠤᠨ ᠰᠢᠯᠦᠭᠯᠡᠵᠦ ︽ᠲᠣᠷᠣᠨᠠᠳᠠᠬᠢᠨ ᠤ | ᠲᠣᠮᠣ ᠲᠠᠭᠤᠴᠢᠨ︾ ᠬᠡᠮᠡᠨ ᠡᠷᠬᠢᠮ ᠠᠬ᠎ᠠ ᠳᠠᠭᠠᠨ ᠳᠤᠷᠠᠰᠤᠮᠵᠢ ᠪᠢᠴᠢᠭᠰᠡᠨ ᠢ ᠨᠢ ᠣᠳᠣ ᠲᠠᠨ ᠳᠤ ᠵᠢᠷᠤᠭ ᠰᠡᠭᠦᠳᠡᠷ ᠲᠠᠢ ᠨᠢ ᠬᠠᠮᠲᠤ ᠬᠦᠷᠭᠡᠵᠦ ᠪᠠᠶᠢᠨ᠎ᠠ᠃ | | ᠲᠣᠷᠣᠨᠠᠳᠠᠬᠢᠨ ᠤ ᠲᠣᠮᠣ ᠲᠠᠭᠤᠴᠢᠨ | — ᠠᠷᠠᠳ ᠤᠨ ᠤᠷᠠᠯᠢᠭᠴᠢᠨ᠂ ᠬᠠᠮᠳᠣ ᠰᠣᠷᠣᠭᠴᠢ᠂ ᠠᠩᠭᠢ ᠶᠢᠨ ᠮᠢᠨᠢ | ᠲᠠᠷᠤᠭ᠎ᠠ ᡀᠠᠰᠥ᠋ᠷᠣᠩ ᠠᠬ᠎ᠠ ᠪᠠᠨ ᠡᠮᠬᠡᠨᠢᠨ ᠭᠠᠰᠢᠭᠤᠳᠠᠨᠠᠮ | ᠲᠠᠷᠴᠢᠳ ᠡᠯᠬᠡᠩᠭᠡ | ᠮᠣᠩᠭᠤᠯ ᠣᠷᠳᠣ ᠶᠢᠨ ᠲᠠᠭᠤᠤ ᠪᠠᠷ ᠢᠶᠠᠨ | ᠦᠷᠣᠨᠡ ᠲᠣᠷᠣᠨᠡ ᠶᠢ ᠤᠷᠠᠶᠢᠯᠠᠵᠣ ᠶᠠᠪᠣᠭᠰᠠᠨ | ᠬᠠᠩᠭᠠᠯ ᠬᠠᠳᠠᠨ ᠵᠣᠷᠢᠭ ᠢᠶᠠᠷ ᠢᠶᠠᠨ | ᠬᠠᠯᠠᠭᠤᠨ ᠲᠥᠮᠡᠨ ᠢᠶᠠᠨ ᠤᠮᠣᠭᠰᠢᠭᠤᠯᠵᠤ ᠶᠠᠪᠣᠭᠰᠠᠨ | ᠮᠠᠩᠭᠤᠳ ᠤᠪᠣᠭ ᠤᠨ ᠮᠠᠨ ᠤ ᡀᠠᠰᠥ᠋ᠷᠣᠩ | ᠮᠠᠨᠳᠣᠭᠰᠠᠨ ᠵᠠᠭᠤᠨ ᠤ ᠲᠠᠷᠬᠠᠨ ᠲᠠᠭᠤᠴᠢᠨ | ᠲᠠᠭᠤᠯᠠᠭᠠᠳ ᠯᠡ ᠲᠠᠶᠠᠩ ᠳᠤ ᠠᠯᠳᠠᠷᠰᠢᠭᠰᠠᠨ ᠲᠡᠳᠣᠢ ᠥᠭᠡᠢ | ᠰᠣᠳᠣᠯᠣᠭᠠᠳ ᠯᠡ ᠲᠠᠶᠠᠭᠠᠷ ᠲᠤ ᠲᠠᠭᠤᠷᠢᠰᠣᠭᠰᠠᠨ ᠶᠣᠮ ᠲᠠ | ᠲᠠᠭᠤᠴᠢᠨ ᠤᠷᠠᠯᠢᠭᠴᠢᠨ ᠵᠣᠬᠢᠶᠠᠯᠴᠢ ᠲᠡᠳᠣᠢ ᠥᠭᠡᠢ | ᠤᠳᠣᠷᠢᠳᠣᠭᠴᠢ ᠵᠣᠬᠢᠶᠠᠨ ᠪᠠᠶᠢᠭᠤᠯᠣᠭᠴᠢ ᠪᠠᠷ ᠢᠶᠠᠨ ᠴᠣᠯᠭᠤᠷᠠᠭᠰᠠᠨ ᠶᠣᠮ ᠲᠠ | ᠮᠠᠩᠭᠤᠳ ᠤᠪᠣᠭ ᠤᠨ ᠮᠠᠨ ᠤ ᡀᠠᠰᠥ᠋ᠷᠣᠩ | ᠮᠠᠨᠳᠣᠭᠰᠠᠨ ᠵᠠᠭᠤᠨ ᠤ ᠲᠠᠷᠬᠠᠨ ᠲᠠᠭᠤᠴᠢᠨ | ᠠᠷᠠᠳ ᠢᠶᠠᠨ ᠭᠡᠰᠡᠨ ᠠᠭᠤᠣᠴᠢ ᠰᠠᠨᠠᠭ᠎ᠠ ᠴᠢᠨᠢ | ᠠᠶᠠᠯᠭᠤ ᠲᠠᠭᠤᠤ ᠶᠢᠨ ᠴᠢᠨᠢ ᠰᠢᠷᠣᠩᠬᠠᠶᠢᠯᠠᠯ ᠪᠠᠶᠢᠭᠰᠠᠨ ᠶᠣᠮ | ᠬᠠᠩᠭᠢᠨᠠᠮ᠎ᠠ ᠬᠥᠩᠭᠢᠨᠡᠮ᠎ᠡ ᠬᠠᠮ ᠬᠤᠭᠤᠯᠠᠢ ᠴᠢᠨᠢ | ᠬᠠᠨ ᠲᠡᠭᠷᠢ ᠶᠢᠨ ᠬᠥᠭᠵᠢᠮ ᠪᠠᠶᠢᠭᠰᠠᠨ ᠶᠣᠮ | ᠮᠠᠩᠭᠤᠳ ᠤᠪᠣᠭ ᠤᠨ ᠮᠠᠨ ᠤ ᡀᠠᠰᠥ᠋ᠷᠣᠩ | ᠮᠠᠨᠳᠣᠭᠰᠠᠨ ᠵᠠᠭᠤᠨ ᠤ ᠲᠠᠷᠬᠠᠨ ᠲᠠᠭᠤᠴᠢᠨ | ᠬᠥᠮᠣᠨ ᠬᠤᠷᠸ᠎ᠠ ᠳᠤ ᠥᠪᠡᠷ ᠢᠶᠠᠨ ᠤᠬᠢᠯᠠᠵᠣ ᠢᠷᠡᠵᠤ᠂ ᠥᠷᠣᠭᠡᠯ ᠢ ᠤᠬᠢᠯᠠᠭᠤᠯᠵᠤ ᠶᠠᠪᠣᠳᠠᠭ ᠭᠡᠳᠡᠭ ᠶᠣᠮ ᠳ᠋ᠠ︕ | ᠠᠷᠠᠳ ᠤᠨ ᠠᠯᠳᠠᠷᠳᠣ ᠤᠷᠠᠯᠢᠭᠴᠢᠨ᠂ ᠬᠠᠮᠳᠣ ᠰᠣᠷᠣᠭᠴᠢ᠂ ᠠᠩᠭᠢ ᠶᠢᠨ ᠮᠢᠨᠢ ᠲᠠᠷᠤᠭ᠎ᠠ ᡀᠠᠰᠥ᠋ᠷᠣᠩ ᠠᠬ᠎ᠠ ᠮᠢᠨᠢ 2022 ᠣᠨ ᠤ 12 ᠳ᠋ᠤᠭᠠᠷ | ᠰᠠᠷ᠎ᠠ ᠶᠢᠨ 31 ᠤ ᠡᠳᠦᠷ ᠤᠨ 23 ᠴᠠᠭ 47 ᠮᠢᠨᠣᠲ ᠲᠤ 2023 ᠰᠢᠨ᠎ᠡ ᠤᠨ ᠤ ᠰᠢᠵᠢᠷ ᠬᠤᠩᠬᠤᠨ ᠲᠠᠭᠤᠨ ᠠᠴᠠ ᠡᠮᠣᠨᠡᠬᠡᠨ ᠪᠡᠭᠡᠵᠢᠩ ᠳᠤ ᠲᠠᠭᠠᠯᠠᠯ | ᠲᠡᠭᠦᠰᠴᠠᠢ᠃ ᠨᠠᠰᠣᠨ ᠬᠤᠳᠤᠭ 76 ᠲᠠᠢ ︵ᠪᠥᠬᠦᠯᠢ ᠪᠠᠷ ᠢᠶᠠᠨ 75︶᠃ | ᠥᠨᠣ ᠪᠢ ᠡᠮᠬᠡᠨᠢᠯ ᠤᠨ ᠨᠢᠯᠪᠣᠰᠣ ᠪᠠᠨ ᠠᠷᠴᠢᠨ ᠠᠷᠴᠢᠨ ᠬᠠᠶᠢᠷᠠᠳᠣ ᡀᠠᠰᠥ᠋ᠷᠣᠩ ᠠᠬ᠎ᠠ ᠪᠠᠨ ᠭᠠᠰᠢᠭᠤᠳᠠᠨ ︽ᠲᠣᠷᠣᠨᠠᠳᠠᠬᠢᠨ ᠤ ᠲᠣᠮᠣ ᠲᠠᠭᠤᠴᠢᠨ︾ | ᠭᠡᠬᠦ ᠰᠢᠯᠣᠭ᠌ ᠢᠶᠠᠨ ᠲᠣᠷᠠᠳᠬᠠᠨ ᠪᠢᠴᠢᠵᠣ ᠪᠠᠶᠢᠨ᠎ᠠ᠃ | ᡀᠠᠰᠥ᠋ᠷᠣᠩ ᠠᠬ᠎ᠠ ᠮᠢᠨᠢ 1947 ᠣᠨ ᠤ 6 ᠳ᠋ᠤᠭᠠᠷ ᠰᠠᠷ᠎ᠠ ᠶᠢᠨ 7 ᠤ ᠡᠳᠣᠷ ᠤᠤᠯ ᠤᠨ ᠶᠡᠭᠡ ᠵᠣᠤ ᠠᠶᠢᠮᠠᠭ ᠤᠨ ᠬᠠᠩᠭᠢᠨ ᠬᠤᠰᠢᠭᠤᠨ ᠤ | ᠲᠥᠷᠪᠡᠳᠣᠭᠡᠷ ᠨᠣᠳᠤᠭ ︵ᠡᠯᠡᠰᠣᠳᠠᠢ ᠨᠣᠳᠤᠭ︶ ᠤᠨ ᠴᠠᠭᠠᠨ ᠤᠪᠣᠭ᠎ᠠ ᠬᠡᠮᠡᠬᠦ ᠭᠠᠵᠠᠷ ᠮᠣᠩᠭᠤᠯ᠂ ᠬᠢᠳᠠᠳ᠂ ᠲᠥᠪᠡᠳ᠂ ᠠᠩᠭ᠍ᠯᠢ ᠳᠤ ᠨᠡᠪᠳᠡᠷᠡᠭᠰᠡᠨ | ᠰᠠᠮᠳᠠᠨᠷᠠᠭᠸᠠ ︵ᠰᠠᠮᠳᠠᠨ ᠭᠥᠤᠱᠢ︶᠂ ᠠᠷᠠᠳ ᠤᠨ ᠲᠠᠭᠤᠴᠢᠨ ᠠᠮᠣᠷᠰᠣᠸᠠ ᠶᠢᠨ ᠬᠡᠣᠬᠡᠳ ᠤᠨ ᠶᠡᠭᠡ ᠨᠢ ᠪᠣᠯᠵᠣ ᠮᠡᠨᠳᠣᠯᠡᠵᠡᠢ᠃ ᡀᠠᠰᠥ᠋ᠷᠣᠩ ᠪᠠᠭ᠎ᠠ ᠠᠴᠠ | ᠤᠢ ᠪᠢᠯᠢᠭ ᠰᠠᠶᠢᠳᠠᠢ᠂ ᠤᠶᠣᠨ ᠤᠬᠠᠭᠠᠨ ᠬᠤᠷᠴᠠ ᠪᠣᠯᠬᠤᠷ ᠲᠠᠪᠣᠨ ᠨᠠᠰᠣᠳᠠᠢ ᠳᠠᠭᠠᠨ ᠬᠠᠩᠭᠢᠨ ᠬᠤᠰᠢᠭᠤᠨ ᠤ ᠪᠠᠨ ᠭᠠᠨᠵᠤᠣᠷ ᠰᠥᠮ᠎ᠡ ᠶᠢᠨ ᠲᠠᠪᠣᠳᠣᠭᠠᠷ | ᠲᠥᠷᠢ ᠶᠢᠨ ᠭᠡᠭᠡᠨ ᠢᠶᠠᠷ ᠲᠣᠳᠣᠯᠠᠭᠳᠠᠵᠤ᠂ ᠰᠠᠬᠢᠯ ᠠᠪᠣᠨ ᠰᠢᠷᠡᠭᠡᠨ ᠳᠤ ᠰᠠᠭᠤᠵᠣ᠂ ᠨᠣᠮ ᠤᠨ ᠨᠡᠷ᠎ᠡ ᠨᠢ ᠰᠣᠨᠣᠮᠯᠣᠪᠰᠠᠩᠳᠠᠩᠽᠨᠨᠨᠣᠷᠪᠤ ᠭᠡᠳᠡᠭ ᠪᠠᠶᠢᠵᠠᠢ᠃ | ᠠᠷᠪᠠᠨ ᠨᠢᠭᠡᠨ ᠨᠠᠰᠣᠨ ᠠᠴᠠ ᠪᠠᠨ ᠰᠣᠷᠭᠠᠭᠤᠯᠢ ᠰᠣᠶᠣᠯ ᠤᠨ ᠮᠥᠷ ᠬᠥᠭᠡᠭᠡᠵᠣ᠂ 13 ᠨᠠᠰᠣᠳᠠᠢ ᠳᠠᠭᠠᠨ ᠬᠤᠰᠢᠭᠤᠨ ᠤ ᠪᠠᠨ ᠤᠯᠠᠭᠠᠨᠮᠥ᠋ᠴᠢᠷ ᠲᠤ ᠰᠢᠯᠭᠠᠭᠳᠠᠨ | ᠤᠷᠣᠵᠣ᠂ ᠰᠡᠭᠦᠯᠡᠷ ᠨᠢ ᠥᠪᠣᠷ ᠮᠣᠩᠭᠤᠯ ᠤᠨ ᠤᠷᠠᠯᠢᠭ ᠤᠨ ᠲᠣᠰᠬᠠᠢ ᠮᠡᠷᠭᠡᠵᠢᠯ ᠤᠨ ᠰᠣᠷᠭᠠᠭᠤᠯᠢ ᠳᠤ ᠵᠠᠭᠤᠨᠠᠰᠣᠳᠣ ᠪᠠᠭᠰᠢ ᠳᠤ ᠱᠠᠪᠢᠯᠠᠨ ᠰᠣᠷᠣᠯᠴᠠᠪᠠ᠃ | ᠡᠷᠭᠢᠭᠡᠳ ᠪᠠᠰᠠ ᠲᠣᠮᠳᠠᠳᠣ ᠤᠯᠣᠰ ᠤᠨ ᠲᠠᠭᠤᠤ ᠬᠥᠭᠵᠢᠮ ᠤᠨ ᠲᠡᠭᠡᠳᠤ ᠰᠣᠷᠭᠠᠭᠤᠯᠢ ᠳᠤ ᠲᠠᠪᠳᠠᠨ ᠪᠣᠯᠪᠠᠰᠣᠷᠠᠵᠣ᠂ ᠥᠪᠣᠷ ᠮᠣᠩᠭᠤᠯ ᠤᠨ ᠷᠠᠳᠢᠤ᠋ ᠬᠤᠷᠢᠶᠠᠨ | ᠤ ᠮᠣᠩᠭᠤᠯ ᠨᠡᠪᠳᠡᠷᠡᠭᠦᠯᠭᠡ ᠳᠤ ᠬᠤᠪᠢᠶᠠᠭᠳᠠᠨ ᠠᠵᠢᠯᠯᠠᠵᠣ ᠪᠠᠶᠢᠭᠰᠠᠨ ᠢᠶᠠᠨ ᠰᠡᠭᠦᠯᠡᠷ ᠨᠢ ᠥᠪᠣᠷ ᠮᠣᠩᠭᠤᠯ ᠤᠨ ᠰᠢᠭᠤᠳ ᠬᠠᠷᠢᠶ᠎ᠠ ᠤᠯᠠᠭᠠᠨᠮᠥ᠋ᠴᠢᠷ ᠤᠨ | ᠭᠤᠴᠢᠯᠠᠯ ᠲᠠᠭᠤᠴᠢᠨ ᠪᠣᠯᠣᠭᠰᠠᠨ ᠪᠠᠶᠢᠨ᠎ᠠ᠃ 1986 ᠤᠨ ᠳᠤ ᠥᠪᠣᠷ ᠮᠣᠩᠭᠤᠯ ᠤᠨ ᠶᠡᠭᠡ ᠰᠣᠷᠭᠠᠭᠤᠯᠢ ᠶᠢᠨ ᠤᠳᠬ᠎ᠠ ᠵᠣᠬᠢᠶᠠᠯ ᠵᠣᠬᠢᠶᠠᠨ ᠪᠥᠳᠣᠭᠡᠬᠦ | ᠰᠣᠳᠣᠯᠬᠤ ᠠᠩᠭᠢ ᠶᠢᠨ ᠰᠣᠳᠣᠯᠬᠤ ᠰᠣᠷᠣᠭᠴᠢ ᠶᠢᠨ ᠰᠣᠷᠣᠯᠭ᠎ᠠ ᠪᠠᠨ ᠲᠡᠭᠦᠰᠭᠡᠵᠣ᠂ ᠲᠥᠪ ᠤᠨ ᠥᠨᠳᠣᠰᠣᠳᠡᠨ ᠤ ᠲᠠᠭᠤᠤ ᠪᠥᠵᠢᠭ ᠤᠨ ᠪᠥᠯᠬᠦᠮ ᠤᠨ | ᠭᠤᠴᠢᠯᠠᠯ ᠲᠠᠭᠤᠴᠢᠨ ᠢᠶᠠᠷ ᠠᠵᠢᠯᠯᠠᠵᠣ᠂ ᠤᠯᠣᠰ ᠤᠨ ᠨᠢᠭᠡᠳᠣᠭᠡᠷ ᠲᠡᠰ ᠤᠨ ᠲᠣᠭᠯᠠᠭᠴᠢ ᠶᠢᠨ ᠴᠣᠯᠠ ᠬᠠᠮᠠᠭᠠᠯᠠᠪᠠ᠃ ᡀᠠᠰᠥ᠋ᠷᠣᠩ ᠠᠬ᠎ᠠ 2003 ᠤᠨ ᠠᠴᠠ | ︽ᠳᠣᠮᠳᠠᠳᠣ᠂ ᠮᠣᠩᠭᠤᠯ ᠬᠤᠶᠠᠷ ᠤᠯᠣᠰ ᠢᠶᠠᠷ ᠢᠶᠠᠨ ᠮᠣᠩᠭᠤᠯ ᠣᠷᠳᠣ ᠶᠢᠨ ᠲᠠᠭᠤᠤ ᠪᠠᠨ ᠬᠠᠮᠠᠭᠠᠯᠠᠨ ᠤᠯᠠᠮᠵᠢᠯᠠᠬᠤ ᠲᠣᠰᠬᠠᠢ ᠮᠡᠷᠭᠡᠵᠢᠯᠳᠡᠨ ᠤ ᠠᠵᠢᠯᠯᠠᠬᠤ | ᠲᠣᠭᠤᠶᠢᠯᠠᠩ︾ ᠤᠨ ᠲᠣᠮᠳᠠᠳᠣ ᠶᠢᠨ ᠲᠠᠯ᠎ᠠ ᠶᠢᠨ ᠲᠡᠷᠢᠭᠦᠨ ᠪᠠᠶᠢᠷᠢ ᠶᠢᠨ ᠲᠣᠰᠬᠠᠢ ᠮᠡᠷᠭᠡᠵᠢᠯᠳᠡᠨ ᠪᠠᠶᠢᠵᠤ᠂ ᠮᠤᠩᠭᠤᠯ ᠤᠷᠳᠣ ᠶᠢᠨ ᠲᠠᠭᠤᠤ ᠪᠠᠨ ᠲᠡᠯᠡᠬᠡᠢ ᠶᠢᠨ | ᠪᠡᠶᠡᠲᠦ ᠪᠣᠰᠣ ᠰᠣᠶᠣᠯ ᠤᠨ ᠥᠪ ᠳᠤ ᠠᠮᠵᠢᠯᠳᠠ ᠲᠠᠢ ᠮᠡᠳᠡᠭᠦᠯᠬᠦ ᠠᠵᠢᠯ ᠳᠤ ᠢᠳᠡᠪᠬᠢᠳᠠᠢ ᠭᠠᠪᠢᠶ᠎ᠠ ᠵᠢᠳᠭᠦᠯ ᠭᠠᠷᠭᠠᠭᠰᠠᠨ ᠶᠣᠮ᠃ 2007 ᠣᠨ ᠳᠤ ᠥᠪᠣᠷ | ᠮᠣᠩᠭᠤᠯ ᠤᠨ ᠤᠷᠳᠣ ᠶᠢᠨ ᠲᠠᠭᠤᠤ ᠤᠷᠠᠯᠢᠭ ᠤᠨ ᠰᠣᠯᠢᠯᠴᠠᠭ᠎ᠠ ᠰᠣᠳᠤᠯᠭᠠᠨ ᠤ ᠨᠡᠶᠢᠭᠡᠮᠯᠢᠭ ᠤᠨ ᠠᠩᠬᠠᠳᠠᠭᠴᠢ ᠲᠡᠷᠢᠭᠦᠯᠡᠭᠴᠢ ᠪᠠᠷ ᠰᠣᠩᠭᠤᠭᠳᠠᠪᠠ᠃ | ᡀᠠᠰᠥ᠋ᠷᠣᠩ ᠠᠬ᠎ᠠ ᠪᠣᠯ ︽ᠰᠢᠨ᠎ᠡ ᠲᠣᠮᠳᠠᠳᠣ ᠤᠯᠣᠰ ᠤᠨ ᠬᠤᠶᠠᠳᠤᠭᠠᠷ ᠥᠶ᠎ᠡ ᠶᠢᠨ ᠮᠣᠩᠭᠤᠯ ᠥᠨᠳᠣᠰᠣᠳᠡᠨ ᠤ ᠲᠠᠷᠬᠠᠨ ᠲᠠᠭᠤᠴᠢᠨ︾᠂ ︽ᠣᠷᠴᠢᠨ | ᠤᠳᠣ ᠥᠶ᠎ᠡ ᠶᠢᠨ ᠲᠠᠷᠬᠠᠨ ᠲᠠᠭᠤᠴᠢᠨ︾᠂ ︽ᠲᠡᠯᠡᠬᠡᠢ ᠶᠢᠨ ᠮᠣᠩᠭᠤᠯ ᠤᠨ ᠲᠣᠮᠣ ᠲᠠᠭᠤᠴᠢᠨ︾᠂ ᠬᠥᠳᠡᠭᠡ ᠲᠠᠯ᠎ᠠ ᠪᠣᠯ ᠲᠡᠭᠦᠨ ᠤ ᠰᠥᠭ ᠰᠥᠨᠡᠰᠣ ᠨᠢ᠂ | ᠮᠠᠯᠴᠢᠳ ᠪᠣᠯ ᠲᠡᠭᠦᠨ ᠤ ᠡᠯᠢᠭᠡ ᠵᠢᠷᠣᠬᠡ ᠨᠢ ᠶᠣᠮ ᠭᠡᠵᠣ ᠥᠨᠡᠯᠡᠭᠳᠡᠨ ᠡᠷᠭᠦᠮᠵᠢᠯᠡᠭᠳᠡᠵᠠᠢ᠃ ᡀᠠᠰᠥ᠋ᠷᠣᠩ ᠭᠤᠸᠠᠢ ᠠᠩᠬᠠᠨ ᠤ ᠦᠶ᠎ᠡ ᠶᠢᠨ ᠤᠯᠠᠭᠠᠨᠮᠥ᠋ᠴᠢᠷ ᠤᠨ | ᠲᠣᠭᠯᠠᠭᠴᠢ ᠪᠣᠯᠣᠭᠰᠠᠨ ᠤ ᠬᠤᠪᠢ ᠳᠤ ᠭᠤᠴᠢᠯᠠᠯ ᠲᠠᠭᠤᠴᠢᠨ ᠮᠥᠷᠳᠡᠭᠡᠨ ᠳᠠᠭᠤᠯᠠᠬᠤ ᠶᠢᠨ ᠲᠠᠭᠠᠣ ᠰᠤᠳᠤᠯᠭ᠎ᠠ ᠪᠠᠨ ᠥᠷᠭᠦᠯᠵᠢᠯᠡᠭᠦᠯᠵᠤ᠂ ᠤᠯᠠᠮᠵᠢᠯᠠᠨ | ᠵᠠᠯᠭᠠᠮᠵᠢᠯᠠᠬᠤ ᠪᠠ ᠵᠢᠭᠠᠨ ᠰᠣᠷᠭᠠᠬᠤ ᠪᠠᠷ ᠨᠠᠰᠣᠨ ᠲᠣᠷᠰᠢ ᠶᠢᠨ ᠥᠢᠯᠡᠰ ᠢᠶᠠᠨ ᠪᠣᠯᠭᠠᠭᠰᠠᠨ ᠠᠯᠳᠠᠷᠳᠣ ᠤᠷᠠᠯᠢᠭᠴᠢᠨ ᠶᠣᠮ᠃ ᠲᠡᠷᠡ ᠨᠢᠭᠡ ᠨᠠᠰᠣ ᠪᠠᠷ ᠢᠶᠠᠨ | ᠤᠷᠳᠣ ᠶᠢᠨ ᠲᠠᠭᠤᠤ ᠪᠠᠨ ᠤᠯᠠᠮᠵᠢᠯᠠᠨ ᠵᠠᠯᠭᠠᠮᠵᠢᠯᠠᠬᠤ ᠪᠠᠨ ᠨᠢᠭᠡ ᠮᠥᠷᠣᠨ ᠤ ᠡᠭᠦᠷᠭᠡ ᠪᠠᠨ ᠪᠣᠯᠭᠠᠵᠣ᠂ ᠤᠷᠳᠣ ᠶᠢᠨ ᠲᠠᠭᠤᠤ ᠪᠠᠨ ᠬᠥᠳᠡᠭᠡ ᠲᠠᠯ᠎ᠠ ᠠᠴᠠ | ᠬᠤᠳᠠ ᠳᠤ ᠂ ᠮᠣᠩᠭᠤᠯ ᠭᠡᠷ ᠠᠴᠠ ᠤᠷᠠᠯᠢᠭ ᠤᠨ ᠲᠠᠶᠢᠰᠠᠨ ᠳᠤ ᠬᠠᠩᠭᠢᠨᠠᠳᠠᠯ᠎ᠠ ᠲᠠᠭᠤᠯᠠᠵᠣ ᠶᠠᠪᠣᠵᠠᠢ᠃ ᠲᠡᠷᠡ ᠤᠯᠠᠨ ᠵᠢᠯ ᠤᠨ ᠲᠣᠷᠰᠢ ᠪᠣᠭᠤᠨᠢ ᠵᠢᠯᠣᠭᠤ | ᠪᠣᠰᠤᠭ᠎ᠠ ᠲᠥᠷᠣᠭᠡ ᠪᠠᠷ ᠮᠣᠩᠭᠤᠯ ᠤᠷᠳᠣ ᠶᠢᠨ ᠲᠠᠭᠤᠤ ᠣᠷᠠᠯᠢᠭ ᠢᠶᠠᠨ ᠬᠠᠮᠠᠭᠠᠯᠠᠨ ᠰᠣᠳᠣᠯᠬᠤ ᠳᠤ ᠡᠷᠬᠢᠮ ᠥᠨᠡᠳᠣ ᠡᠩ ᠥᠭᠡᠢ ᠥᠨ᠎ᠡ ᠥᠷᠳᠡᠭ ᠤᠨ ᠥᠪ | ᠬᠥᠷᠣᠩᠭᠡ ᠪᠣᠯᠣᠨ ᠤᠶᠣᠨ ᠰᠠᠨᠠᠭᠠᠨ ᠤ ᠡᠳ᠋ ᠪᠠᠶᠠᠯᠢᠭ ᠢ ᠥᠯᠡᠳᠡᠭᠡᠭᠰᠡᠨ ᠶᠣᠮ᠃ | ᠮᠢᠨᠣ ᠵᠠᠯᠠᠭᠤ ᠪᠠᠭ᠎ᠠ ᠠᠴᠠ ᠪᠠᠨ ᠰᠢᠳᠣᠵᠣ ᠪᠢᠰᠢᠷᠳᠡᠭ ᠠᠯᠳᠠᠷᠳᠣ ᠲᠠᠭᠤᠴᠢᠨ ᠤ ᠨᠢᠭᠡ ᠨᠢ ᡀᠠᠰᠥ᠋ᠷᠣᠩ ᠠᠬ᠎ᠠ ᠪᠠᠶᠢᠯ᠎ᠠ᠃ ᠭᠡᠬᠦ ᠳᠡᠭᠡᠨ ᡀᠠᠰᠥ᠋ᠷᠣᠩ | ᠠᠬ᠎ᠠ ᠲᠠᠢ ᠠᠩᠬ᠎ᠠ ᠠᠭᠤᠯᠵᠠᠵᠣ ᠲᠠᠨᠢᠯᠴᠠᠭᠰᠠᠨ ᠮᠠᠨᠢ ᠥᠨᠣ ᠠᠴᠠ ᠲᠥᠴᠢᠨ ᠨᠢᠭᠡᠨ ᠵᠢᠯ ᠤᠨ ᠡᠮᠣᠨ᠎ᠡ᠂ ᠲᠣᠳᠣᠷᠠᠭᠤᠨ ᠰᠢᠭ᠋ ᠬᠡᠯᠡᠪᠡᠯ 1982 ᠣᠨ ᠤ 10 | ᠳ᠋ᠣᠭᠠᠷ ᠰᠠᠷ᠎ᠠ ᠳᠤ ᠰᠢᠯᠢ ᠶᠢᠨ ᠭᠤᠣᠯ ᠠᠶᠢᠮᠠᠭ ᠤᠨ ᠠᠩᠬᠠᠳᠠᠭᠴᠢ ᠣᠳᠠᠭᠠᠨ ᠤ ︽ᠲᠠᠯ᠎ᠠ ᠶᠢᠨ ᠲᠠᠭᠤᠯᠠᠯ︾ ᠨᠡᠷᠡᠮᠵᠢᠳᠣ ᠪᠥᠬᠦ ᠠᠶᠢᠮᠠᠭ ᠤᠨ ᠠᠵᠢᠯ ᠤᠨ | ᠴᠢᠯᠣᠭᠡᠨ ᠤ ᠲᠠᠭᠤᠤ ᠬᠥᠭᠵᠢᠮ ᠤᠨ ᠴᠣᠭᠯᠠᠭᠠᠨ ᠲᠡᠭᠡᠷ᠎ᠡ ᠪᠢᠯᠡ᠃ ᠪᠢ ᠲᠡᠷᠡ ᠴᠣᠭᠯᠠᠭᠠᠨ ᠲᠡᠭᠡᠷ᠎ᠡ ︽ᠰᠢᠯᠢ ᠶᠢᠨ ᠭᠤᠤᠯ ᠤᠨ ᠡᠳᠣᠷ ᠤᠨ ᠰᠣᠨᠢᠨ︾ ᠤ | ᠰᠣᠷᠪᠣᠯᠵᠢᠯᠠᠭᠴᠢ ᠪᠠᠷ ᠤᠷᠣᠯᠴᠠᠵᠣ ︽ᠲᠠᠳᠠᠷᠠᠰᠢ ᠥᠭᠡᠢ ᠲᠠᠯ᠎ᠠ ᠶᠢᠨ ᠲᠠᠭᠤᠤ︾᠂ ︽ᠠᠯᠳᠠᠷᠳᠣ ᠤᠷᠠᠯᠢᠭᠴᠢᠳ ᠮᠠᠨ ᠤ ᠠᠶᠢᠮᠠᠭ ᠲᠤ︾ ᠵᠡᠷᠭᠡ ᠤᠶᠠᠩᠭ᠎ᠠ | ᠰᠣᠷᠪᠣᠯᠵᠢᠯᠠᠭ᠎ᠠ ᠰᠣᠷᠪᠣᠯᠵᠢᠯᠠᠵᠣ ᠪᠢᠴᠢᠬᠦ ᠳᠡᠭᠡᠨ ᡀᠠᠰᠥ᠋ᠷᠣᠩ ᠠᠬ᠎ᠠ ᠵᠡᠷᠭᠡ ᠵᠠᠯᠠᠭᠤ᠂ ᠢᠳᠡᠷ᠂ ᠠᠬᠠᠮᠠᠳ ᠤᠷᠠᠯᠢᠭᠴᠢᠳ ᠤᠨ ᠠᠯᠳᠠᠨ ᠨᠢᠭᠤᠷ ᠲᠠᠢ ᠨᠢ | ᠵᠣᠯᠭᠠᠵᠣ᠂ ᠠᠪᠢᠶᠠᠰ ᠪᠢᠯᠢᠭ ᠢ ᠨᠢ ᠪᠠᠭ᠋ᠠᠷᠬᠠᠭᠰᠠᠨ ᠶᠣᠮ᠃ ᠲᠡᠷᠡ ᠦᠶ᠎ᠡ ᠶᠢᠨ ᠮᠠᠨ ᠤ ᠰᠣᠨᠢᠨ ᠤ ᠨᠢᠭᠤᠷ ᠬᠠᠭᠤᠳᠠᠰᠣ ᠶᠢᠨ ᠬᠢᠵᠠᠭᠠᠷᠯᠠᠯ ᠠᠴᠠ ᠪᠣᠯᠪᠠᠣ ᠳ᠋ᠠ ︽ | ᠠᠯᠳᠠᠷᠳᠣ ᠤᠷᠠᠯᠢᠭᠴᠢᠳ ᠮᠠᠨ ᠤ ᠠᠶᠢᠮᠠᠭ ᠲᠤ︾ ᠬᠡᠮᠡᠬᠦ ᠰᠣᠷᠪᠣᠯᠵᠢᠯᠠᠭ᠎ᠠ ᠳᠠᠭᠠᠨ ᠲᠠᠷᠬᠠᠨ ᠲᠠᠭᠤᠴᠢᠨ ᡀᠠᠵᠠᠪ᠂ ᠠᠯᠳᠠᠷᠳᠣ ᠲᠠᠭᠤᠴᠢᠨ ᠲᠥᠳᠣᠪ᠂ ᠵᠠᠯᠠᠭᠤ | ᠲᠠᠭᠤᠴᠢᠨ ᡀᠠᠰᠥ᠋ᠷᠣᠩ᠂ ᠠᠯᠳᠠᠷᠳᠣ ᠬᠤᠪᠢᠰᠴᠢᠨ ᠭᠣ · ᠴᠡᠩᠭᠡᠯᠳᠣ᠂ ᠮᠣᠩᠭᠤᠯ ᠲᠠᠭᠤᠤ ᠮᠠᠰᠢ ᠭᠤᠶᠣ ᠲᠠᠭᠤᠯᠠᠳᠠᠭ ᠬᠢᠳᠠᠳ ᠥᠨᠳᠣᠰᠣᠳᠡᠨ ᠤ ᠠᠯᠳᠠᠷᠳᠣ | ᠲᠠᠭᠤᠴᠢᠨ ᠽᠥᠸᠧ ᠷᠤ᠋ ᠶᠥᠨ ᠵᠡᠷᠭᠡ ᠠᠯᠳᠠᠷᠳᠠᠳ ᠲᠤ ᠬᠥᠮᠤᠨ ᠪᠥᠷᠢ ᠳᠤ ᠬᠡᠳᠣᠨ ᠵᠠᠭᠤᠨ ᠥᠰᠣᠭ᠌ ᠤᠨ ᠯᠡ ᠬᠡᠰᠢᠭ ᠲᠠᠢ ᠨᠢᠭᠡ ᠨᠢᠭᠤᠷ ᠲᠡᠭᠡᠨ ᠪᠠᠭᠳᠠᠭᠠᠨ | ᠲᠠᠨᠢᠯᠴᠠᠭᠤᠯᠣᠭᠰᠠᠨ ᠢᠶᠠᠨ ᠰᠠᠨᠠᠵᠣ ᠪᠠᠶᠢᠨ᠎ᠠ᠃ | ᡀᠠᠰᠥ᠋ᠷᠣᠩ ᠠᠬ᠎ᠠ ᠶᠢ ᠰᠣᠷᠪᠣᠯᠵᠢᠯᠠᠬᠤ ᠳᠤ ᠲᠡᠷᠡ᠄ ︽ᠡᠨᠡ ᠤᠳᠠᠭ᠎ᠠ ᠪᠢ ᠰᠢᠯᠢ ᠶᠢᠨ ᠭᠤᠣᠯ ᠳᠤ ᠢᠷᠡᠭᠰᠡᠨ ᠤ ᠭᠤᠣᠯ ᠵᠣᠷᠢᠯᠭ᠎ᠠ ᠨᠢ ᠠᠵᠢᠯ ᠤᠨ | ᠴᠢᠯᠣᠭᠡᠨ ᠤ ᠠᠷᠠᠳ ᠤᠨ ᠲᠠᠭᠤᠴᠢᠳ ᠠᠴᠠ ᠰᠣᠷᠣᠯᠴᠠᠬᠤ ᠶᠢᠨ ᠲᠠᠭᠠᠤ ᠠᠯᠳᠠᠷᠳᠣ ᠠᠬᠠᠮᠠᠳ ᠲᠠᠭᠤᠴᠢᠨ ᡀᠠᠵᠠᠪ ᠭᠤᠸᠠᠢ ᠶᠢᠨ ᠤᠷᠠᠯᠢᠭ ᠤᠨ ᠠᠮᠢᠳᠣᠷᠠᠯ ᠤᠨ | ᠲᠣᠬᠠᠢ ᠤᠯᠠᠮ ᠨᠢᠭᠡ ᠠᠯᠬᠤᠮ ᠤᠶᠢᠯᠠᠭᠠᠬᠤ ᠰᠠᠨᠠᠭᠠᠳᠠᠢ᠂ ᠲᠠᠬᠢᠨ ᠬᠡᠯᠡᠪᠡᠯ ᠰᠢᠯᠢ ᠶᠢᠨ ᠭᠤᠣᠯ ᠪᠣᠯ ᠮᠢᠨᠤ ᠲᠠᠭᠤᠤ ᠶᠢᠨ ᠪᠠᠭᠰᠢ ᠵᠠᠭᠤᠨᠠᠰᠣᠳᠣ ᠶᠢᠨ ᠨᠣᠳᠤᠭ᠂ bt365备用网址_365国际体育官网_365bet体育在线投注官网 | ᠮᠥᠨ ᠴᠣ᠋ ᠮᠢᠨᠣ ᠭᠡᠷᠭᠡᠢ ᠵᠸᠤ ᠪᠢᠩ ᠵᠢᠶᠠᠨ ︵ᠵᠸᠤ ᠡᠸ᠋ᠨ ᠯᠠᠢ ᠶᠡᠷᠣᠩᠬᠡᠢ ᠰᠠᠶᠢᠳ ᠤᠨ ᠠᠴᠢ ᠥᠬᠢᠨ︶ ᠤ ᠥᠰᠴᠣ ᠪᠣᠶᠢᠵᠢᠭᠰᠠᠨ ᠬᠤᠶᠠᠳᠠᠬᠢ ᠥᠯᠣᠭᠡᠢ᠂ ᠪᠢ | ᠡᠨᠡ ᠨᠣᠳᠤᠭ ᠲᠤ ᠤᠨᠴᠠ ᠶᠢᠨ ᠬᠠᠶᠢᠷ᠎ᠠ ᠰᠡᠳᠬᠢᠯᠭᠡ ᠲᠠᠢ ᠁ ︾᠂ ︽ᠠᠷᠠᠳ ᠤᠨ ᠲᠠᠭᠤᠴᠢᠨ ᠪᠣᠯᠬᠤ ᠨᠢ ᡀᠠᠰᠥ᠋ᠷᠣᠩ ᠮᠢᠨᠤ ᠠᠳᠠᠪᠠᠰᠢ ᠵᠢᠷᠭᠠᠯ ᠁︾ | ᠭᠡᠵᠣ ᠶᠠᠷᠢᠭᠰᠠᠨ ᠢ ᠥᠨᠣ ᠪᠣᠯᠳᠠᠯ᠎ᠠ ᠪᠢ ᠴᠡᠭᠡᠵᠢ ᠵᠢᠷᠣᠬᠡᠨ ᠳᠡᠭᠡᠨ ᠬᠠᠳᠠᠭᠠᠯᠠᠭᠰᠠᠭᠠᠷ᠃ ᠤᠷᠣᠢ ᠶᠢᠨ ᠲᠣᠭᠯᠠᠯᠳᠠ ᠲᠡᠭᠡᠷ᠎ᠡ ᡀᠠᠰᠥ᠋ᠷᠣᠩ ᠠᠬ᠎ᠠ ︽ᠴᠡᠷᠢᠭ ᠡᠷ᠎ᠠ | ᠶᠢᠨ ᠲᠠᠭᠤᠤ︾᠂ ︽ ᠴᠡᠷᠢᠭ ᠡᠷ᠎ᠡ ᠶᠢᠨ ᠭᠡᠷᠭᠡᠢ ᠶᠢᠨ ᠲᠠᠭᠤᠤ︾ ᠵᠡᠷᠭᠡ ᠠᠷᠪᠠᠭᠠᠳ ᠲᠠᠭᠤᠤ ᠶᠢ ᠤᠯᠠᠨ ᠤ ᠠᠯᠠᠭ᠎ᠠ ᠲᠠᠰᠢᠯᠳᠠ ᠶᠢᠨ ᠲᠣᠮᠳᠠ ᠠᠷᠣ ᠠᠷᠣ ᠠᠴᠠ | ᠨᠢ ᠲᠠᠭᠤᠯᠠᠪᠠ᠃ ᠠᠷᠠᠳ ᠲᠥᠮᠡᠨ ᠤ ᠰᠣᠨᠣᠰᠬᠤ ᠲᠣᠷᠠᠳᠠᠢ ᠬᠠᠯᠠᠮᠰᠢᠯ ᠪᠣᠯᠣᠭᠰᠠᠨ ᠡᠨᠡ ᠬᠤᠶᠡᠷ ᠲᠠᠭᠤᠤ ᠶᠢ ᠬᠢᠯᠢ ᠶᠢᠨ ᠲᠡᠭᠡᠰᠣ ᠴᠢᠩᠭ᠎ᠠ ᠪᠠᠶᠢᠭᠰᠠᠨ ᠲᠡᠷᠡ | ᠥᠶ᠎ᠡ ᠳᠤ ᠮᠠᠨ ᠤ ᠰᠢᠯᠢ ᠶᠢᠨ ᠭᠤᠤᠯ ᠳᠤ ᠬᠥᠷᠭᠡᠵᠣ ᠢᠷᠡᠭᠰᠡᠨ ᠠᠩᠬᠠᠨ ᠤ ᠤᠷᠠᠯᠢᠭᠴᠢᠨ ᠪᠣᠯ ᠮᠠᠨ ᠤ ᠠᠯᠳᠠᠷᠳᠣ ᠠᠷᠠᠳ ᠤᠨ ᠲᠠᠭᠤᠴᠢᠨ ᡀᠠᠰᠥ᠋ᠷᠣᠩ ᠠᠬ᠎ᠠ | ᠪᠠᠶᠢᠬ᠎ᠠ ᠡ ᠭᠡᠵᠤ ᠪᠢ ᠪᠣᠳᠣᠳᠠᠭ ᠶᠣᠮ᠃ ᠲᠡᠷᠡ ᠦᠶ᠎ᠡ ᠳᠤ ᠠᠯᠳᠠᠷᠳᠣ ᠲᠠᠷᠬᠠᠨ ᠲᠠᠭᠤᠴᠢᠨ ᠠᠴᠢᠳᠣ ᡀᠠᠵᠠᠪ ᠪᠠᠭᠰᠢ ᠪᠠᠨ ᠪᠢᠴᠢᠬᠦ ᠪᠠᠷ ᠡᠳᠣᠷ ᠤᠨ ᠪᠣᠳᠣᠯ | ᠰᠥᠨᠢ ᠶᠢᠨ ᠵᠡᠭᠦᠳᠣ ᠪᠠᠨ ᠪᠣᠯᠭᠠᠵᠣ ᠪᠠᠶᠢᠭᠰᠠᠨ ᡀᠠᠰᠥ᠋ᠷᠣᠩ ᠠᠬ᠎ᠠ ᠮᠢᠨᠢ ᠥᠨᠣ ᠲᠣᠮᠳᠠᠳᠣ ᠤᠯᠤᠰ ᠤᠨ ᠮᠣᠩᠭᠤᠯ ᠤᠷᠳᠣ ᠶᠢᠨ ᠲᠠᠭᠤᠤ ᠶᠢᠨ ᠪᠣᠭᠤᠷᠣᠯ | ᠭᠤᠷᠪᠠᠨ ᠤᠷᠭᠢᠯ — ᡀᠠᠵᠠᠪ᠂ ᠪᠣᠶᠠᠨᠳᠡᠯᠭᠡᠷ᠂ ᠵᠠᠭᠤᠨᠠᠰᠣᠳᠣ ᠳᠠᠭᠠᠨ ︽ᠠᠷᠠᠳ ᠤᠨ ᠠᠯᠳᠠᠷᠳᠣ ᠲᠠᠭᠤᠴᠢᠨ ᡀᠠᠵᠠᠪ︾᠂ ︽ᠮᠢᠨᠤ ᠪᠠᠭᠰᠢ ᠵᠠᠭᠤᠨᠠᠰᠣᠳᠣ︾᠂ | ︽ᠪᠣᠶᠠᠨᠳᠡᠯᠭᠡᠷ ᠤᠨ ᠨᠠᠮᠳᠠᠷ︾ ᠵᠡᠷᠭᠡ ᠭᠤᠷᠪᠠᠨ ᠪᠠᠷᠢᠮᠳᠠᠳᠣ ᠷᠣᠮᠠᠨ ᠢᠶᠠᠷ ᠢᠶᠠᠨ ᠮᠥᠩᠬᠡ ᠶᠢᠨ ᠬᠥᠰᠢᠶ᠎ᠡ ᠪᠣᠰᠬᠠᠵᠠᠢ᠃ ᠡᠨᠡ ᠭᠤᠷᠪᠠᠨ ᠷᠣᠮᠠᠨ ᠪᠣᠭᠤᠷᠣᠯ ᠭᠤᠷᠪᠠᠨ | ᠪᠠᠭᠰᠢ ᠶᠢᠨ ᠨᠠᠮᠳᠠᠷ ᠬᠥᠰᠢᠶ᠎ᠡ ᠲᠡᠳᠣᠢ ᠥᠭᠡᠢ᠂ ᠭᠤᠨᠳᠠᠨ ᠪᠠᠭᠤᠷᠠᠰᠢ ᠥᠭᠡᠢ ᠮᠣᠩᠭᠠᠣᠯ ᠤᠷᠳᠣ ᠶᠢᠨ ᠲᠠᠭᠤᠤ ᠶᠢᠨ ᠮᠠᠨᠢ ᠥᠨᠢ ᠮᠥᠩᠬᠡ ᠶᠢᠨ ᠭᠤᠷᠪᠠᠨ ᠮᠠᠷᠠᠯ᠂ | ᠡᠩᠬᠡ ᠶᠢᠨ ᠭᠤᠷᠪᠠᠨ ᠬᠥᠰᠢᠶ᠎ᠡ ᠲᠣᠷᠠᠰᠬᠠᠯ ᠪᠣᠯᠵᠣ ᠮᠥᠩᠬᠡᠷᠡᠵᠠᠢ᠃ | ᠤᠷᠳᠣ ᠶᠢᠨ ᠲᠠᠭᠤᠤ ᠲᠠᠭᠤᠯᠠᠵᠣ ᠪᠣᠯᠬᠤ ᠥᠭᠡᠢ ᠪᠠᠶᠢᠭᠰᠠᠨ ᠥᠨᠣ ᠭᠡᠴᠡᠭᠦᠤ ᠴᠠᠭ ᠲᠤ ᡀᠠᠰᠥ᠋ᠷᠣᠩ ᠠᠬ᠎ᠠ ᠮᠢᠨᠢ ᠤᠷᠳᠣ ᠶᠢᠨ ᠲᠠᠭᠤᠤ ᠶᠢᠨ ᠢᠶᠠᠨ | ᠤᠶᠠᠩᠭᠠᠳᠣ ᠠᠶ᠎ᠠ ᠳᠠᠭᠠᠨ ︽ᠤᠮᠠᠷᠠᠳᠣ ᠬᠢᠯᠢ ᠶᠢᠨ ᠬᠠᠷᠠᠭᠤᠯ︾ ᠭᠡᠰᠡᠨ ᠥᠪᠡᠷ ᠢᠶᠠᠨ ᠥᠭᠡ ᠤᠷᠣᠭᠤᠯᠣᠨ ᠲᠠᠭᠤᠯᠠᠵᠣ ᠤᠷᠳᠣ ᠶᠢᠨ ᠲᠠᠭᠤᠤ ᠪᠠᠨ ᠤᠯᠣᠰ | ᠲᠥᠮᠡᠨ ᠤ ᠪᠠᠨ ᠴᠢᠬᠢᠨ ᠠᠴᠠ ᠰᠠᠯᠭᠠᠬᠤ ᠥᠭᠡᠢ ᠴᠢᠷᠮᠡᠶᠢᠵᠣ ᠪᠠᠶᠢᠯ᠎ᠠ ᠭᠡᠵᠣ ᠲᠥᠪ ᠷᠠᠳᠢᠣ᠋ ᠶᠢᠨ ᠨᠡᠷᠡᠳᠣ ᠨᠡᠪᠳᠡᠷᠡᠭᠦᠯᠣᠭ᠍ᠴᠢ ᠤᠷᠠᠨᠴᠢᠮᠡᠭ ᠤᠨ ᠰᠣᠷᠪᠣᠯᠵᠢᠯᠠᠭ᠎ᠠ ᠶᠢ | ᠬᠥᠯᠢᠶᠡᠬᠦ ᠳᠡᠭᠡᠨ ᠶᠠᠷᠢᠵᠣ ᠪᠠᠶᠢᠭᠰᠠᠨ ᠢ ᠪᠢ ᠲᠥᠪ ᠷᠠᠳᠢᠣ᠋ ᠠᠴᠠ ᠰᠣᠨᠣᠰᠴᠣ ᠪᠠᠶᠢᠭᠰᠠᠨ ᠪᠢᠯᠡ᠃ | 1984 ᠣᠨ ᠤ ᠬᠠᠪᠣᠷ᠂ ᡀᠠᠰᠥ᠋ᠷᠣᠩ ᠠᠬ᠎ᠠ ᠪᠢᠳᠡ ᠬᠥᠬᠡᠬᠤᠳᠠ ᠠᠴᠠ ᠬᠡᠳᠣᠭᠦᠯᠡ᠂ ᠡᠯ᠎ᠡ ᠠᠶᠢᠮᠠᠭ ᠠᠴᠠ ᠲᠣᠰ ᠪᠥᠷᠢ ᠨᠢᠭᠡ ᠨᠢᠭᠡ ᠬᠥᠮᠤᠨ᠂ | ᠰᠢᠨᠵᠢᠶᠠᠩ ᠬᠥᠬᠡᠨᠡᠭᠤᠷ ᠠᠴᠠ ᠭᠤᠷᠪᠠᠨ ᠬᠥᠮᠣᠨ᠂ ᠮᠠᠨ ᠤ ᠬᠤᠷᠢᠭᠤᠯᠠ ᠥᠪᠣᠷ ᠮᠣᠩᠭᠤᠯ ᠤᠨ ᠶᠡᠭᠡ ᠰᠣᠷᠭᠠᠭᠤᠯᠢ ᠶᠢᠨ ᠲᠥᠷᠪᠡᠳᠣᠭᠡᠷ ᠬᠤᠭᠤᠴᠠᠭᠠᠨ ᠤ | ᠵᠣᠬᠢᠶᠠᠨ ᠪᠥᠳᠣᠭᠡᠬᠦ ᠰᠣᠳᠣᠯᠬᠤ ᠠᠩᠭᠢ ᠶᠢᠨ ᠰᠣᠷᠣᠭᠴᠢ ᠪᠣᠯᠪᠠ᠃ ᠡᠨᠡ ᠰᠣᠳᠣᠯᠬᠤ ᠠᠩᠭᠢ ᠶᠢ ᠰᠣᠶᠣᠯ ᠤᠨ ᠬᠤᠪᠢᠰᠬᠠᠯ ᠠᠴᠠ ᠡᠮᠣᠨ᠎ᠡ ᠬᠤᠶᠠᠷ ᠬᠤᠭᠤᠴᠠᠭ᠎ᠠ | ᠂ ᠬᠤᠶᠢᠨ᠎ᠠ ᠬᠤᠶᠠᠷ ᠬᠤᠭᠤᠴᠠᠭ᠎ᠠ ᠡᠷᠬᠢᠯᠡᠵᠣ ᠪᠠᠶᠢᠭ᠎ᠠ ᠶᠤᠮ ᠪᠠᠶᠢᠨ᠎ᠠ᠃ ᠠᠩᠬᠠᠨ ᠤ ᠬᠤᠭᠤᠴᠠᠭᠠᠨ ᠳᠤ ᠨᠠ᠊ · ᠰᠠᠶᠢᠨᠴᠣᠭᠳᠣ᠂ ᠮᠠᠯᠴᠢᠨᠬᠦᠤ᠂ ᠪ᠊ · | ᠪᠥᠷᠢᠨᠪᠠᠬᠢ᠂ ᠠ᠊ · ᠤᠳᠽᠡᠷ ᠨᠠᠷ᠂ ᠬᠤᠶᠠᠳᠣᠭᠠᠷ ᠬᠤᠭᠤᠴᠠᠭᠠᠨ ᠳᠤ ᠵᠥᠴᠣᠭᠡ ᠶᠢᠨ ᠵᠣᠬᠢᠶᠠᠯᠴᠢ ᠴᠣᠭᠳᠣᠨᠠᠷᠠᠨ᠂ ᠶᠦᠨ ᠵᠣᠤ ᠭᠤᠸᠠᠩ᠂ ᠰᠡᠷᠡᠨᠳᠣᠷᠵᠢ ᠨᠠᠷ | ᠂ ᠭᠤᠷᠪᠠᠳᠣᠭᠠᠷ ᠬᠤᠭᠤᠴᠠᠭᠠᠨ ᠳᠤ ᠮ᠊ · ᠠᠰᠠᠷ᠂ ᠨᠤᠯᠮᠠᠰᠡᠷᠡᠩ᠂ ᠮᠠᠨᠳᠣᠮᠣᠢ᠂ ᠭᠣ · ᠷᠢᠨᠴᠢᠨᠨᠠᠮᠵᠢᠯ ᠨᠠᠷ ᠪᠠᠶᠢᠯᠴᠠᠵᠣ ᠮᠠᠨ ᠤ ᠲᠥᠷᠪᠡᠳᠣᠭᠡᠷ ᠬᠤᠭᠤᠴᠠᠭ᠎ᠠ | ᠨᠢ ᠠᠷᠳᠠᠢ᠂ ᡀᠠᠰᠥ᠋ᠷᠣᠩ᠂ ᠬᠠᠳᠠᠴᠢ ᠭᠠᠩ᠂ ᠵᠠ᠊ · ᠪᠠᠳᠣᠨᠠᠰᠣᠨ᠂ ᠭᠠ᠊ · ᠰᠢᠷᠣᠪᠵᠠᠮᠰᠤ ᠨᠠᠷ ᠢᠶᠠᠷ ᠪᠥᠷᠢᠯᠳᠣᠵᠠᠢ᠃ ᠮᠠᠨ ᠤ ᡀᠠᠰᠥ᠋ᠷᠣᠩ ᠠᠬ᠎ᠠ | ᠠᠩᠭᠢ ᠶᠢᠨ ᠲᠠᠷᠤᠭ᠎ᠠ᠂ ᠬᠠᠳᠠᠴᠢ ᠭᠠᠩ ᠠᠩᠭᠢ ᠶᠢᠨ ᠨᠠᠮ ᠤᠨ ᠡᠭᠦᠷ ᠤᠨ ᠱᠥᠵᠢ ᠬᠤᠶᠠᠭᠤᠯᠠ ᠠᠩᠭᠢ ᠶᠢᠨ ᠡᠷᠬᠢᠯᠡᠭᠴᠢ ᠪ᠊ · ᠪᠥᠷᠢᠨᠪᠠᠬᠢ ᠪᠠᠭᠰᠢ ᠶᠢᠨ | ᠵᠢᠯᠣᠭᠤᠳᠣᠯᠭ᠎ᠠ ᠲᠣᠤᠷᠡ ᠮᠠᠨ ᠤ ᠠᠩᠭᠢ ᠪᠠᠨ ᠭᠤᠶᠣ ᠰᠠᠶᠢᠬᠠᠨ ᠠᠪᠴᠣ ᠶᠠᠪᠣᠭᠰᠠᠨ ᠶᠤᠮ᠃ ᠪᠢᠳᠡ ᠰᠣᠳᠣᠯᠬᠤ ᠠᠩᠭᠢ ᠶᠢᠨ ᠬᠤᠶᠠᠷ ᠵᠢᠯ ᠤᠨ ᠰᠣᠷᠣᠯᠭ᠎ᠠ ᠪᠠᠨ | ᠠᠮᠵᠢᠯᠳᠠ ᠲᠠᠢ ᠲᠥᠭᠦᠷᠡᠭᠡᠵᠣ ᠲᠣᠰ ᠲᠣᠰ ᠤᠨ ᠠᠵᠢᠯ ᠤᠨ ᠪᠠᠶᠢᠷᠠᠢ ᠳᠠᠭᠠᠨ ᠬᠠᠷᠢᠵᠠᠭᠠᠵᠣ᠂ ᠠᠶᠢᠮᠠᠭ ᠠᠶᠢᠮᠠᠭ ᠤᠨ ᠢᠶᠠᠨ ᠤᠳᠬ᠎ᠠ ᠤᠷᠠᠯᠢᠭ ᠤᠨ ᠬᠤᠯᠪᠣᠭᠠᠨ bt365备用网址_365国际体育官网_365bet体育在线投注官网 | ᠳᠤ ᠡᠭᠦᠷᠭᠡ ᠲᠣᠰᠢᠶᠠᠯ ᠬᠠᠷᠢᠭᠤᠴᠠᠵᠣ ᠠᠮᠵᠢᠯᠳᠠ ᠲᠠᠢ ᠠᠵᠢᠯᠯᠠᠵᠠᠭᠠᠵᠣ᠂ ᠰᠡᠳᠭᠦᠯ ᠤᠳ ᠤᠨ ᠶᠡᠷᠣᠩᠬᠡᠢ ᠨᠠᠶᠢᠷᠠᠭᠤᠯᠣᠭᠴᠢ ᠶᠢᠨ ᠡᠭᠦᠷᠭᠡ ᠲᠣᠰᠢᠶᠠᠯ ᠳᠤ | ᠰᠢᠭᠤᠷᠬᠠᠶᠢᠯᠠᠨ ᠰᠡᠳᠭᠦᠯᠴᠢ ᠶᠢᠨ ᠡᠭᠦᠷᠭᠡ ᠳᠡᠭᠡᠨ ᠥᠯᠵᠡᠢ ᠮᠥᠷ ᠲᠠᠢ ᠶᠠᠪᠣᠵᠣ᠂ ᠥᠪᠡᠷ ᠥᠪᠡᠷᠰᠡᠳ ᠤᠨ ᠢᠶᠠᠨ ᠵᠤᠬᠢᠶᠠᠯ ᠪᠥᠳᠣᠭᠡᠯ ᠳᠤ ᠴᠣ᠋ ᠵᠣᠬᠢᠬᠤ | ᠠᠮᠵᠢᠯᠳᠠ ᠲᠠᠢ ᠶᠠᠪᠣᠭ᠎ᠠ ᠶᠣᠮ᠃ ᠠᠷᠳᠠᠢ ᠶᠢᠨ ᠢᠷᠠᠭᠤ ᠨᠠᠶᠢᠷᠠᠭ᠂ ᠪᠥᠷᠢᠨᠳᠡᠭᠦᠰ ᠤᠨ ᠷᠣᠮᠠᠨ᠂ ᠬᠠᠳᠠᠴᠢ ᠭᠠᠩ ᠤᠨ ᠤᠳᠬ᠎ᠠ ᠵᠤᠬᠢᠶᠠᠯ ᠤᠨ ᠤᠨᠣᠯ᠂ ᠰᠢᠭᠦᠮᠵᠢ᠂ | ᠤᠷᠴᠢᠭᠤᠯᠤᠭ᠎ᠠ᠂ ᡀᠠᠰᠥ᠋ᠷᠣᠩ ᠤᠨ ᠪᠠᠷᠢᠮᠳᠠᠳᠣ ᠷᠣᠮᠠᠨ᠂ ᠭᠠ᠊ · ᠰᠢᠷᠤᠪᠵᠠᠮᠰᠤ ᠶᠢᠨ ᠲᠣᠭᠤᠵᠢᠰ ᠤᠨ ᠵᠣᠬᠢᠶᠠᠯ᠂ ᠰᠡᠴᠡᠨᠪᠢᠯᠢᠭ ᠤᠨ ᠨᠠᠶᠢᠷᠠᠭᠤᠯᠣᠯ᠂ ᠴ᠊ | · ᠮᠥᠩᠬᠡᠰᠥ᠋ᠷᠣᠩ ᠤᠨ ᠰᠢᠯᠣᠭ᠌ ᠵᠡᠷᠭᠡ ᠨᠢ ᠥᠪᠣᠷ ᠮᠣᠩᠭᠤᠯ ᠤᠨ ᠤᠷᠠᠨ ᠵᠤᠬᠢᠶᠠᠯ ᠤᠨ ᠨᠢᠭᠡᠨ ᠥᠶ᠎ᠡ ᠶᠢᠨ ᠨᠢᠷᠣᠭᠤ ᠪᠣᠯᠵᠣ ᠪᠠᠶᠢᠯ᠎ᠠ ᠭᠡᠬᠦ ᠳᠤ ᠠᠷᠠᠢ ᠴᠣ᠋ | ᠬᠡᠲᠦᠷᠡᠬᠦ ᠥᠭᠡᠢ ᠰᠢᠭ ᠪᠤᠳᠣᠭᠳᠠᠬᠤ ᠶᠣᠮ᠃ | 1984 ᠣᠨ ᠤ ᠵᠤᠨ ᠤ ᠠᠮᠠᠷᠠᠯᠳᠠ ᠳᠤ ᡀᠠᠰᠥ᠋ᠷᠣᠩ ᠠᠬ᠎ᠠ ᠮᠠᠨ ᠤ ᠰᠢᠯᠢ ᠶᠢᠨ ᠭᠤᠤᠯ ᠳᠤ ᠢᠷᠡᠵᠣ᠂ ᠮᠠᠨ ᠤ ᠳᠤ ᠢᠷᠡᠵᠣ᠂ ᠨᠠᠮᠠᠢᠢ ᠲᠠᠭᠠᠭᠤᠯᠵᠣ᠂ | ᠲᠣᠬᠠᠢ ᠶᠢᠨ ᠦᠶ᠎ᠡ ᠶᠢᠨ ᠤᠣᠯ ᠤᠨ ᠰᠢᠯᠢᠩᠬᠤᠳᠠ ᠶᠢᠨ ᠲᠠᠪᠰᠢᠯᠳᠠ ᠰᠣᠮᠣᠨ ᠳᠤ ᡀᠠᠵᠠᠪ ᠪᠠᠭᠰᠢ ᠶᠢᠨ ᠳᠤ ᠬᠥᠷᠴᠣ ᠨᠢᠭᠡ ᠭᠠᠷᠠᠭ ᠰᠠᠭᠤᠨ ᠬᠡᠭᠡᠷ᠎ᠡ ᠶᠢᠨ | ᠪᠠᠶᠢᠴᠠᠭᠠᠯᠳᠠ᠂ ᠲᠣᠰᠬᠠᠢ ᠰᠣᠷᠪᠣᠯᠵᠢᠯᠠᠭ᠎ᠠ ᠬᠢᠵᠣ ︽ᠠᠷᠠᠳ ᠤᠨ ᠠᠯᠳᠠᠷᠳᠣ ᠲᠠᠭᠤᠴᠢᠨ ᡀᠠᠵᠠᠪ︾ ᠷᠣᠮᠠᠨ ᠤ ᠪᠠᠨ ᠭᠥᠨ ᠭᠥᠨᠵᠡᠭᠡᠢ᠂ ᠥᠷᠭᠡᠨ ᠲᠡᠯᠭᠡᠷ᠂ | ᠨᠠᠷᠢᠨ ᠨᠢᠭᠳᠠ᠂ ᠪᠣᠳᠠᠳᠣ ᠮᠠᠲ᠋ᠧᠷᠢᠶᠠᠯ ᠢ ᠪᠥᠷᠢᠯᠳᠣᠭᠦᠯᠣᠭ᠍ᠰᠡᠨ ᠶᠣᠮ᠃ ᠡᠳᠣᠷ ᠨᠢ ᡀᠠᠵᠠᠪ ᠪᠠᠭᠰᠢ ᠰᠢᠷ᠎ᠠ ᠠᠶᠢᠷᠠᠭ ᠢᠶᠠᠨ ᠠᠪᠴᠣ ᠤᠨᠠᠭᠰᠠᠨ ᠰᠢᠷᠣᠢ ᠲᠡᠭᠡᠭᠦᠷ | ᠢᠶᠠᠨ ᠴᠢᠮᠪᠠᠶᠢᠬᠠᠨ ᠠᠯᠬᠤᠯᠠᠵᠣ᠂ ᠬᠠᠶᠠ ᠵᠠᠪᠢᠯᠠᠵᠣ ᠰᠠᠭᠤᠭᠠᠳ ᠰᠢᠷ᠎ᠠ ᠠᠶᠢᠷᠠᠭ ᠢᠶᠠᠨ ᠰᠢᠮᠡᠨ ᠰᠢᠮᠡᠨ᠂ ᠰᠢᠷ᠎ᠠ ᠲᠠᠯ᠎ᠠ᠂ ᠲᠣᠭᠤᠭ᠎ᠠ ᠠᠭᠤᠯᠠ᠂ ᠬᠢᠳᠤᠭ᠎ᠠ ᠠᠭᠤᠯᠠ | ᠪᠠᠨ ᠬᠠᠷᠠᠨ ᠬᠠᠷᠠᠨ ᠪᠠᠭ᠎ᠠ ᠵᠠᠯᠠᠭᠤ ᠢᠳᠡᠷ ᠨᠠᠰᠣᠨ ᠤ ᠥᠯᠢᠭᠡᠷ ᠲᠣᠷᠠᠰᠣᠯ ᠢᠶᠠᠨ ᠲᠡᠯᠭᠡᠨ᠎ᠡ᠃ ᠤᠷᠣᠢ ᠨᠢ ᠤᠷᠳᠣ ᠶᠢᠨ ᠲᠠᠭᠤᠤ᠂ ᠤᠶᠠᠩᠭ᠎ᠠ ᠨᠠᠶᠢᠷᠠᠭ᠂ | ᠲᠣᠷᠠᠳᠬᠠᠯ ᠲᠠᠭᠤᠤ ᠬᠥᠭᠵᠢᠮ ᡀᠠᠵᠠᠪ ᠪᠠᠭᠰᠢ ᠶᠢᠨ ᠬᠡᠤᠬᠡᠨ ᠭᠡᠷᠡᠯ᠎ᠡ᠂ ᠬᠥᠷᠭᠡᠨ ᠡᠷᠳᠡᠨᠢᠪᠢᠯᠢᠭ ᠤᠨ ᠬᠠᠶᠠᠭ᠎ᠠ ᠶᠢ ᠲᠡᠯᠡᠵᠣ᠂ ᠲᠠᠪᠰᠢᠯᠳᠣ ᠰᠣᠮᠣᠨ ᠤ ᠬᠤᠩᠬᠤᠷ | ᠲᠠᠯᠠᠢ ᠶᠡᠭᠡ ᠨᠠᠶᠢᠷ ᠲᠤ ᠰᠠᠭᠠᠳᠠᠭᠰᠠᠨ ᠰᠢᠭ᠋ ᠪᠠᠶᠢᠪᠠ᠃ ᠲᠡᠷᠡ ᠨᠢᠭᠡ ᠭᠠᠷᠠᠭ ᠪᠣᠯ ᠪᠠᠭᠰᠢ ᡀᠠᠵᠠᠪ ᠱᠠᠪᠢ ᡀᠠᠰᠥ᠋ᠷᠣᠩ ᠬᠤᠶᠠᠷ ᠤᠨ ᠪᠠᠶᠠᠷ ᠴᠠᠯᠬᠢᠯᠠᠭᠰᠠᠨ ᠨᠢᠭᠡ | ᠭᠠᠷᠠᠭ᠂ ᠪᠠᠶᠢᠳᠠᠭ ᠢᠶᠠᠨ ᠲᠡᠯᠭᠡᠭᠰᠡᠨ ᠨᠢᠭᠡ ᠭᠠᠷᠠᠭ᠂ ᠷᠣᠮᠠᠨ ᠤ ᠬᠢᠨᠢ ᠨᠣᠤᠷᠠᠭ ᠤᠨ ᠨᠢᠭᠡ ᠭᠠᠷᠠᠭ᠂ ᠨᠣᠳᠤᠭ ᠤᠰᠣᠨ ᠤ ᠬᠢᠨᠢ ᠬᠡᠶᠢᠮᠣᠷᠢ ᠶᠢᠨ ᠨᠢᠭᠡ ᠭᠠᠷᠠᠭ | ᠪᠠᠶᠢᠯ᠎ᠠ᠃ | 1985 ᠣᠨ ᠤ ᠵᠣᠨ ᠮᠠᠨ ᠤ ᠰᠢᠯᠢ ᠶᠢᠨ ᠭᠤᠤᠯ ᠳᠤ ᠨᠠᠯᠠᠭᠠᠷ ᠰᠠᠶᠢᠬᠠᠨ ᠣᠶᠠᠩᠭᠠᠯᠢᠭ ᠰᠠᠭᠠᠳᠠᠪᠠ᠃ ᠨᠠᠳᠠ ᠳᠤ ᠴᠣ᠋ ᠬᠠᠨᠠᠭᠠᠷ ᠰᠠᠶᠢᠬᠠᠨ ᠵᠣᠯ | ᠵᠠᠶᠠᠭᠠᠪᠠ᠃ 7 ᠳ᠋ᠣᠭᠠᠷ ᠰᠠᠷ᠎ᠠ ᠶᠢᠨ ᠠᠷᠪᠠᠨ ᠬᠡᠳᠣᠨ ᠢᠶᠠᠷ ᠪᠢ ᠰᠢᠯᠢ ᠶᠢᠨ ᠭᠤᠤᠯ ᠳᠤ ᠠᠮᠢᠳᠣᠷᠠᠯ ᠳᠤ ᠭᠥᠨᠵᠡᠭᠡᠶᠢᠷᠡᠬᠦ ᠮᠠᠨ ᠤ ᠠᠩᠭᠢ ᠶᠢᠨ ᡀᠠᠰᠥ᠋ᠷᠣᠩ᠂ | ᠬᠠᠳᠠᠴᠢ ᠭᠠᠩ᠂ ᠨᠠᠷᠠᠩᠭᠤᠸ᠎ᠠ᠂ ᠪᠠ᠊ · ᠬᠠᠰᠮᠥ᠋ᠷᠡᠨ᠂ ᠰᠡᠴᠡᠨᠪᠢᠯᠢᠭ ᠢᠶᠠᠨ ᠲᠣᠰᠴᠣ ᠭᠡᠷ ᠤᠨ ᠲᠠᠶᠢᠯᠠᠯᠭ᠎ᠠ ᠪᠠᠷ ᠤᠭᠳᠣᠪᠠ᠃ ᠲᠡᠷᠡ ᠦᠶ᠎ᠡ ᠳᠤ ᠪᠢ ᠴᠢᠨᠢ ᠡᠩ | ᠤᠨ ᠨᠢᠭᠡ ᠲᠥᠷᠪᠡᠨ ᠥᠨᠴᠣᠭ᠌ ᠢ ᠨᠢ ᠲᠤᠭᠤᠰᠬᠠᠬᠯᠠᠬᠰᠠᠨ ᠰᠢᠪᠠᠷ ᠪᠠᠶᠢᠰᠢᠩ ᠭᠡᠷ ᠲᠤ ᠶᠠᠳᠠᠬᠤ ᠳᠤ ᠬᠥᠯᠳᠡᠭᠡᠭᠦᠷ ᠴᠣ᠋ ᠪᠠᠶᠢᠭ᠎ᠠ ᠥᠭᠡᠢ ᠯᠡ ᠪᠠᠶᠢᠵᠣ ᠳ᠋ᠠ᠃ | ᠲᠥᠷᠣᠭᠦᠤ ᠡᠳᠣᠷ ᠨᠢ ᠬᠥᠳᠡᠭᠡ ᠠᠴᠠ ᠬᠤᠨᠢ ᠠᠪᠴᠢᠷᠠᠵᠣ ᠲᠥᠬᠦᠭᠡᠷᠡᠭᠡᠳ ᠬᠥᠷᠢᠶᠡᠨ ᠤ ᠵᠣᠭᠤᠷᠢᠨ ᠳᠠᠭᠠᠨ ᠬᠢᠵᠣ ᠲᠠᠯᠪᠢᠭᠰᠠᠨ ᠢᠶᠠᠨ ᠭᠠᠷᠭᠠᠵᠣ ᠴᠢᠨᠠᠭᠠᠳ | ᠬᠥᠳᠡᠭᠡ ᠮᠠᠶ᠋ᠢᠭ ᠢᠶᠠᠷ ᠢᠶᠠᠨ ᠢᠳᠡᠭᠡᠨ ᠤ ᠪᠠᠨ ᠲᠡᠭᠡᠵᠢ ᠠᠷᠢᠬᠢ ᠪᠠᠨ ᠠᠶᠣᠰᠢ ᠴᠠᠭᠠᠨ ᠬᠠᠳᠠᠭ ᠲᠡᠭᠡᠷ᠎ᠡ ᠪᠠᠨ ᠡᠷᠭᠦᠵᠤ ᠢᠷᠡᠭᠰᠡᠨ ᠭᠡᠶᠢᠴᠢᠳ ᠲᠡᠭᠡᠨ ᠪᠠᠷᠢᠵᠣ ᠨᠠᠶᠢᠷ | ᠢᠶᠠᠨ ᠡᠬᠢᠯᠡᠭᠦᠯᠪᠡ᠃ ᠲᠠᠷᠬᠠᠨ ᠲᠠᠭᠤᠴᠢᠨ ᡀᠠᠵᠠᠪ ᠭᠤᠸᠠᠢ ᠨᠠᠶᠢᠷ ᠤᠨ ᠮᠢᠨᠢ ᠭᠤᠤᠯ ᠡᠵᠡᠨ᠂ ᠭᠠᠤᠯᠢᠨ ᠪᠣᠷᠬᠠᠨ ᠪᠠᠶᠢᠪᠠ᠃ ︽ᠵᠢᠭᠠᠬᠨ ᠰᠢᠷᠭ᠎ᠠ︾᠂ ︽ | ᠵᠢᠷᠤᠭ᠎ᠠ ᠶᠢᠨ ᠵᠢᠷᠤᠭ᠎ᠠ︾᠂ ︽ᠪᠠᠭ᠎ᠠ ᠶᠢᠨ ᠨᠠᠰᠣ︾᠂ ︽ᠬᠤᠯᠠ ᠶᠢᠨ ᠲᠡᠷᠭᠡᠯ ᠬᠥᠳᠡᠭᠡ︾ ᠵᠡᠷᠭᠡ ᠲᠠᠭᠤᠤ ᠶᠢᠨ ᠤᠶᠠᠩᠭᠠᠨ ᠰᠢᠷᠣᠩᠬᠠᠶᠢᠯᠠᠯ ᠳᠤ ᠬᠥᠭᠡᠷᠤᠬᠦᠢ | ᠮᠢᠨᠢ ᠮᠠᠭᠤ ᠪᠣᠭᠤᠨᠢ ᠥᠷᠭᠦᠭᠡ ᠮᠢᠨᠢ ᠴᠣᠬᠤᠮ ᠬᠤᠯᠠ ᠶᠢᠨ ᠲᠡᠷᠭᠡᠯ ᠬᠥᠳᠡᠭᠡ ᠯᠡ ᠪᠠᠶᠢᠯ᠎ᠠ᠃ ᠱᠥᠵᠢ᠂ ᠲᠠᠷᠤᠭ᠎ᠠ ᠬᠤᠶᠠᠭᠤᠯᠠ ᠪᠠᠨ᠂ ︽ᠬᠤᠶᠠᠷ ᠴᠡᠷᠢᠭ︾ | ᠬᠤᠶᠠᠭᠤᠯᠠ ᠪᠠᠨ᠂ ︽ᠬᠤᠶᠠᠷ ᠴᠡᠴᠡᠭ︾ ᠤᠨ ᠨᠢᠭᠡ ᠨᠢ᠂ ᠬᠤᠩᠭᠤᠷ ᠬᠠᠰᠮᠥ᠋ᠷᠡᠨ ᠮᠢᠨᠢ ᠭᠡᠷ ᠢ ᠮᠢᠨᠢ ᠭᠡᠶᠢᠭᠦᠯᠵᠣ᠂ ᠨᠡᠷ᠎ᠡ ᠶᠢ ᠮᠢᠨᠢ ᠨᠢᠯᠴᠢᠬᠢᠨᠡᠭᠦᠯᠣᠯᠡ᠃ | ᠲᠠᠷᠬᠠᠨ ᠲᠠᠭᠤᠴᠢᠨ ᡀᠠᠵᠠᠪ ᠭᠤᠸᠠᠢ᠂ ᠠᠯᠳᠠᠷᠳᠣ ᠲᠠᠭᠤᠴᠢᠨ ᡀᠠᠰᠥ᠋ᠷᠣᠩ ᠪᠠᠭᠰᠢ ᠱᠠᠪᠢ ᠬᠤᠶᠠᠭᠤᠯᠠ ᠶᠢᠨ ᠲᠠᠭᠤᠤ ᠶᠢᠨ ᠲᠣᠮᠳᠠ ᠮᠠᠨ ᠤ ᠬᠠᠳᠠᠴᠢ ᠭᠠᠩ᠂ | ᠬᠠᠰᠮᠥ᠋ᠷᠡᠨ᠂ ᠰᠡᠴᠡᠨᠪᠢᠯᠢᠭ ᠨᠠᠷ ᠴᠣ᠋ ︽ ᠠᠭᠢᠳᠣ ᠲᠣᠯᠣᠭᠠᠢ︾᠂ ︽ᠴᠡᠷᠢᠭ ᠡᠷ᠎ᠡ ᠶᠢᠨ ᠲᠠᠭᠤᠤ︾᠂ ︽ᠴᠡᠷᠢᠭ ᠠᠮᠢᠳᠣᠷᠠᠯ ᠰᠠᠶᠢᠬᠠᠨ︾ ᠵᠡᠷᠭᠡ ᠲᠠᠭᠤᠤ ᠰᠢᠯᠣᠭ᠌ | ᠢᠶᠠᠨ ᠴᠣ᠋ ᠡᠷ᠎ᠡ ᠬᠤᠩᠭᠤᠷ ᠬᠤᠭᠤᠯᠠᠢ ᠪᠠᠷ ᠢᠶᠠᠨ ᠣᠶᠠᠩᠭᠠᠯᠠᠯᠠ᠃ ᠵᠥᠴᠤᠭᠡᠴᠢᠨ᠂ ᠺᠢᠨᠤ᠋ ᠲᠣᠭᠯᠠᠭᠴᠢ᠂ ᠪᠥᠵᠢᠭᠴᠢᠨ ᠨᠠᠷᠠᠩᠭᠤᠸ᠎ᠠ ᠡᠭᠡᠴᠢ ᠵᠢᠭᠠᠬᠠᠨ ᠭᠡᠷ ᠲᠤ | ᠮᠢᠨᠢ ᠤᠷ᠎ᠠ ᠡᠷᠳᠡᠮ ᠢᠶᠠᠨ ᠭᠠᠷᠭᠠᠬᠤ ᠤᠷᠣᠨ ᠵᠠᠢ ᠪᠠᠶᠢᠭᠰᠠᠨ ᠥᠭᠡᠢ ᠨᠢ ᠬᠠᠷᠠᠮᠰᠠᠯᠳᠠᠢ᠃ ᠠᠷᠢᠬᠢ ᠮᠢᠬ᠎ᠠ ᠶᠢᠨ ᠲᠠᠶᠢᠯᠠᠯᠭ᠎ᠠ ᠨᠠᠶᠢᠷ ᠭᠡᠬᠦ ᠪᠠᠷ ᠤᠷᠳᠣ ᠶᠢᠨ ᠲᠠᠭᠤᠤ | ᠤᠶᠠᠩᠭ᠎ᠠ ᠰᠢᠯᠣᠭ᠌ ᠤᠨ ᠲᠠᠶᠢᠯᠠᠯᠭ᠎ᠠ ᠨᠠᠶᠢᠷ ᠪᠣᠯᠣᠭᠰᠠᠨ ᠪᠠᠶᠢᠯ᠎ᠠ᠃ ᠮᠢᠨᠣ ᠵᠢᠭᠠᠬᠠᠨ ᠪᠣᠷᠣ ᠥᠷᠭᠦᠭᠡ ᠠᠷᠠᠳ ᠤᠨ ᠲᠠᠭᠤᠤ ᠪᠠᠷ ᠴᠠᠯᠬᠢᠯᠠᠵᠣ᠂ ᠠᠬ᠎ᠠ ᠲᠡᠭᠦᠣᠨᠠᠷ ᠤᠨ | ᠬᠠᠶᠢᠷ᠎ᠠ ᠪᠠᠷ ᠬᠠᠯᠭᠢᠯᠠᠭᠰᠠᠨ᠂ ᠨᠠᠳᠠᠳᠣ ᠳᠠᠭᠠᠨ ᠪᠣᠯ ᠸᠢᠶᠧᠨᠠ ᠶᠢᠨ ᠲᠠᠭᠤᠤ ᠬᠥᠭᠵᠢᠮ ᠤᠨ ᠠᠯᠳᠠᠨ ᠤᠷᠳᠣᠨ ᠠᠴᠠ ᠲᠡᠮᠡᠢ ᠲᠣᠳᠠᠬᠤ ᠥᠭᠡᠢ ᠰᠢᠭ ᠰᠠᠨᠠᠭᠳᠠᠵᠣ | ᠪᠠᠶᠢᠭᠰᠠᠨ ᠳ᠋ᠠ᠃ ᠲᠡᠷᠡ ᠬᠤᠪᠣᠷᠬᠠᠨ ᠴᠠᠭ ᠬᠤᠪᠢᠳᠠᠢ ᠮᠥᠴᠡ ᠮᠠᠨᠢ ᠤᠳᠣ ᠠᠴᠠ ᠨᠢᠭᠡᠨᠳᠡ ᠭᠤᠴᠢᠨ ᠨᠠᠢᠮᠠᠨ ᠵᠢᠯ ᠤᠨ ᠡᠮᠣᠨᠡᠬᠢ ᠲᠣᠷᠠᠰᠣᠯ ᠲᠣᠷᠠᠳᠬᠠᠯ ᠪᠣᠯᠵᠠᠢ᠃ | ᠬᠥᠭᠡᠷᠤᠬᠦᠢ ᡀᠠᠵᠠᠪ ᠪᠠᠭᠰᠢ ᠮᠢᠨᠢ᠂ ᠬᠥᠭᠡᠷᠤᠬᠦᠢ ᠬᠠᠰᠮᠥ᠋ᠷᠡᠨ ᠮᠢᠨᠢ ᠪᠣᠷᠬᠠᠨ ᠪᠣᠯᠣᠭᠠᠳ ᠬᠡᠴᠢᠨᠡᠨ ᠵᠢᠯ ᠪᠣᠯᠵᠣ᠂᠂ ᠬᠥᠭᠡᠷᠤᠬᠦᠢ ᠨᠠᠷᠠᠩᠭᠤᠸ᠎ᠠ ᠡᠭᠡᠴᠢ ᠮᠢᠨᠢ | ᠨᠢᠳᠣᠨᠣᠨ ᠵᠢᠯ᠂ ᠬᠥᠭᠡᠷᠤᠬᠦᠢ ᡀᠠᠰᠥ᠋ᠷᠣᠩ ᠠᠬ᠎ᠠ ᠮᠢᠨᠢ ᠴᠠᠭᠠᠳᠣᠬᠠᠨ ᠡᠳᠣᠷ ᠪᠣᠷᠬᠠᠨ ᠤ ᠤᠷᠣᠨ ᠳᠠᠭᠠᠨ ᠶᠠᠪᠣᠴᠢᠬᠠᠯ᠎ᠠ᠃ | ᠬᠤᠷᠸ᠎ᠠ ᠶᠠᠮᠠᠷ ᠬᠠᠳᠠᠭᠤ ᠪᠣᠢ᠂ ᠬᠥᠮᠣᠨ ᠶᠠᠮᠠᠷ ᠬᠥᠭᠡᠷᠣᠬᠦᠢ ᠪᠣᠢ︕ | ᠲᠠᠶᠠᠭᠠᠷ ᠨᠡᠶᠢᠭᠡᠮ ᠢᠶᠠᠷ ᠢᠶᠠᠨ ᡀᠠᠰᠥ᠋ᠷᠣᠩ ᠠᠬ᠎ᠠ ᠲᠠᠨ ᠢ ᠪᠠᠨ ᠡᠮᠬᠡᠨᠢᠨ ᠭᠠᠰᠢᠭᠤᠳᠠᠵᠠᠭᠠᠵᠣ ᠪᠠᠶᠢᠨ᠎ᠠ᠃ | ᠪᠣᠷᠬᠠᠨ ᠤ ᠤᠷᠣᠨ ᠳᠠᠭᠠᠨ ᠰᠠᠶᠢᠨ ᠶᠠᠪᠣᠭᠠᠷᠠᠢ ᡀᠠᠰᠥ᠋ᠷᠣᠩ ᠠᠬ᠎ᠠ ᠮᠢᠨᠢ︕ | ᠪᠣᠴᠠᠭᠠᠳ ᠲᠠᠬᠢᠨ ᠮᠣᠩᠭᠤᠯ ᠳᠠᠭᠠᠨ ᠯᠡ ᠢᠷᠡᠭᠡᠷᠡᠢ︕ | ᠬᠤᠷᠣᠢ︕ ᠬᠤᠷᠣᠢ︕ ᠬᠤᠷᠣᠢ︕ | ᠬᠤᠷᠮᠣᠰᠳᠠ ᠲᠡᠭᠷᠢ ᠳᠡᠭᠡᠨ ᠠᠮᠣᠷᠯᠢᠩᠭᠤᠢ ᠨᠣᠶᠢᠷᠰᠣᠭᠠᠷᠠᠢ ᡀᠠᠰᠥ᠋ᠷᠣᠩ ᠠᠬ᠎ᠠ ᠮᠢᠨᠢ︕ | ᠲᠠᠷᠴᠢᠳ ᠡᠯᠬᠡᠩᠭᠡ ᠴᠢᠨᠢ ᠲᠠᠨ ᠳᠠᠭᠠᠨ ᠨᠠᠮᠠᠨᠴᠢᠯᠠᠨ ᠮᠥᠷᠭᠦᠵᠣ ᠪᠠᠶᠢᠨ᠎ᠠ︕ | 2023 ᠣᠨ ᠤ 1 ᠳ᠋ᠦ᠋ᠭᠡᠷ ᠰᠠᠷ᠎ᠠ ᠶᠢᠨ 8 ᠤ ᠡᠳᠣᠷ | ᠪᠣᠣᠷ᠎ᠠ ᠬᠡᠭᠡᠷ᠎ᠡ ᠳᠤ | ᠲᠠᠷᠴᠢᠳ ᠡᠯᠬᠡᠩᠭᠡ᠂ ᠲᠥᠷᠥ ᠶᠢᠨ ᠲᠡᠷᠢᠭᠦᠨ ᠪᠠᠶᠢᠷᠢ ᠶᠢᠨ ᠵᠣᠬᠢᠶᠠᠯᠴᠢ᠂ ᠰᠡᠳᠬᠦᠯᠴᠢ᠂ ᠳᠤᠮᠳᠠᠳᠤ ᠤᠯᠤᠰ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ | ᠥᠪᠥᠷ ᠮᠣᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠳᠤᠮᠳᠠᠳᠤ ᠤᠯᠤᠰ ᠤᠨ᠂ ᠮᠣᠩᠭᠤᠯ ᠰᠡᠳᠬᠦᠯ ᠤᠨ ︽ᠭᠠᠪᠢᠶᠠᠲᠤ ᠨᠠᠶᠢᠷᠠᠭᠤᠯᠤᠭᠴᠢ︾᠂ | ᠰᠢᠯᠢ ᠶᠢᠨ ᠭᠤᠣᠯ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠣᠭᠠᠨ ᠤ ᠳᠡᠳ᠋ ᠲᠡᠷᠢᠭᠦᠯᠡᠭᠴᠢ᠂ ᠪᠠᠶᠢᠴᠠᠭᠠᠨ ᠰᠤᠳᠤᠯᠤᠭᠴᠢ ︵ᠵᠢᠩᠬᠢᠨᠢ ᠭᠠᠵᠠᠷ ᠤᠨ ᠳᠡᠰ︶ | ︽ᠰᠢᠯᠢ ᠶᠢᠨ ᠭᠤᠣᠯ︾ ᠰᠡᠳᠬᠦᠯ ᠤᠨ ᠶᠡᠷᠦᠩᠬᠡᠢ ᠨᠠᠶᠢᠷᠠᠭᠤᠯᠤᠭᠴᠢ᠂ ᠳᠤᠮᠳᠠᠳᠤ ᠤᠯᠤᠰ ᠤᠨ ᠮᠣᠩᠭᠤᠯ ᠰᠡᠳᠬᠦᠯ ᠰᠤᠳᠤᠯᠬᠤ ᠬᠤᠷᠠᠯ ᠤᠨ ᠳᠡᠳ᠋ ᠳᠠᠷᠤᠭ᠎ᠠ᠃ | ᠬᠤᠱᠣᠢ ︽ᠰᠣᠯᠣᠩᠭ᠎ᠠ︾ ᠱᠠᠩᠨᠠᠯᠲᠤ ᠤᠷᠠᠨ ᠪᠦᠲᠦᠭᠡᠯᠴᠢ᠃ | | | | | | | | | | | | | |