| ᠵᠤᠬᠢᠶᠠᠭᠴᠢ᠄ ᠭᠤᠣ ᠷᠦᠢ ᠹᠧᠩ | | ᠨᠠᠮ ᠤᠨ ᠦᠨᠳᠦᠰᠦᠲᠡᠨ ᠤ ᠲᠥᠷᠥ ᠶᠢᠨ ᠪᠣᠳᠣᠯᠭ᠎ᠠ ᠶᠢ ᠪᠦᠭᠦ ᠲᠠᠯ᠎ᠠ ᠪᠠᠷ ᠲᠤᠭᠤᠰᠢᠯᠠᠭᠤᠯᠵᠤ᠂ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢᠨ ᠬᠥᠮᠦᠵᠢᠯ ᠢ | ᠭᠦᠨᠵᠡᠭᠡᠶᠢᠷᠡᠭᠦᠯᠦᠨ᠂ ᠳᠤᠮᠳᠠᠳᠤ ᠶᠢᠨ ᠦᠨᠳᠦᠰᠦᠲᠡᠨ ᠤ ᠬᠠᠮᠲᠤ ᠴᠣᠭᠴᠠ ᠶᠢᠨ ᠤᠬᠠᠮᠰᠠᠷ ᠢ ᠪᠠᠲᠤ ᠴᠣᠭᠴᠠᠯᠠᠵᠤ᠂ ᠦᠨᠳᠦᠰᠦᠲᠡᠨ ᠨᠦᠭᠦᠳ ᠤᠨ ᠶᠠᠪᠤᠯᠴᠠᠭ᠎ᠠ | ᠰᠣᠯᠢᠯᠴᠠᠭ᠎ᠠ ᠠᠭᠤᠰᠤᠯᠴᠠᠯ ᠢ ᠴᠢᠩᠭᠠᠳᠬᠠᠨ᠂ ᠦᠨᠳᠦᠰᠦᠲᠡᠨ ᠨᠦᠭᠦᠳ ᠠᠨᠠᠷ ᠤᠨ ᠦᠷ᠎ᠡ ᠰᠢᠭ ᠨᠢᠭᠲᠠᠷᠠᠨ ᠪᠦᠯᠬᠦᠮᠳᠡᠵᠦ᠂ ᠬᠠᠮᠲᠤᠪᠠᠷ ᠪᠦᠯᠬᠦᠮᠳᠡᠨ ᠲᠡᠮᠡᠴᠡᠵᠦ᠂ | ᠬᠠᠮᠲᠤᠪᠠᠷ ᠴᠡᠴᠡᠭᠯᠡᠨ ᠭᠦᠭᠵᠢᠭᠦ ᠶᠢ ᠠᠬᠢᠭᠤᠯᠤᠨ᠎ᠠ᠃ | - ︽ᠰᠢ ᠶᠢᠨ ᠫᠢᠩ ᠲᠦᠷᠦ ᠶᠢ ᠵᠠᠰᠠᠵᠤ ᠵᠠᠰᠠᠭ ᠢ ᠡᠷᠭᠢᠯᠡᠭᠦ ᠲᠤᠬᠠᠢ ᠶᠠᠷᠢᠭᠰᠠᠨ ᠨᠢ︾ ︵ᠭᠤᠷᠪᠠᠳᠤᠭᠠᠷ ᠪᠣᠳᠢ ᠠᠴᠠ︶ | | | | | | ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠪᠣᠯ ᠦᠨᠳᠦᠰᠦᠲᠡᠨ ᠤ ᠠᠵᠢᠯ ᠤᠨ ᠠᠮᠵᠢᠯᠲᠠ ᠣᠯᠬᠤ ᠶᠢᠨ ᠦᠨᠳᠦᠰᠦᠨ ᠪᠠᠲᠤᠯᠠᠭ᠎ᠠ᠂ ᠮᠥᠨ ᠴᠦ | ᠦᠨᠳᠦᠰᠦᠲᠡᠨ ᠨᠦᠭᠦᠳ ᠤᠨ ᠶᠡᠭᠡ ᠪᠦᠯᠬᠦᠮᠳᠡᠯ ᠤᠨ ᠦᠨᠳᠦᠰᠦᠨ ᠪᠠᠲᠤᠯᠠᠭ᠎ᠠ ᠮᠥᠨ᠃ | ᠪᠢᠳᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠴᠢᠩᠭ᠎ᠠ ᠪᠠᠷᠢᠮᠲᠠᠯᠠᠳᠠᠭ ᠯᠠ ᠶᠤᠮ ᠪᠣᠯ ᠶᠠᠮᠠᠷᠪᠠ ᠬᠥᠮᠥᠨ ᠶᠠᠮᠠᠷᠪᠠ ᠤᠯᠤᠰ | ᠲᠥᠷᠥ ᠶᠢᠨ ᠬᠦᠴᠦᠨ ᠭᠡᠳ ᠮᠠᠨ ᠤ ᠦᠨᠳᠦᠰᠦᠲᠡᠨ ᠤ ᠬᠠᠷᠢᠴᠠᠭ᠎ᠠ ᠶᠢ ᠬᠠᠳᠬᠤᠨ ᠵᠠᠪᠰᠠᠷᠳᠠᠭᠤᠯᠵᠤ ᠲᠡᠶᠢᠯᠭᠦ ᠦᠭᠡᠢ᠂ ᠮᠠᠨ ᠤ ᠦᠨᠳᠦᠰᠦᠲᠡᠨ ᠤ ᠪᠦᠯᠬᠦᠮᠳᠡᠯ | ᠨᠢᠭᠡᠳᠦᠯ ᠤᠯᠤᠰ ᠲᠥᠷᠥ ᠶᠢᠨ ᠲᠠᠯ᠎ᠠ ᠪᠠᠷ ᠭᠦᠢᠴᠡᠳ ᠪᠠᠲᠤᠯᠠᠭ᠎ᠠ ᠲᠠᠢ ᠪᠠᠶᠢᠵᠤ ᠴᠢᠳᠠᠨ᠎ᠠ᠃ | ᠦᠨᠳᠦᠰᠦᠲᠡᠨ ᠤ ᠭᠠᠵᠠᠷ ᠣᠷᠣᠨ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠴᠣᠭᠴᠠᠯᠠᠯᠲᠠ ᠶᠢ ᠴᠢᠬᠤᠯᠠᠴᠢᠯᠠᠵᠤ᠂ ᠲᠡᠭᠦᠨ ᠢ ᠲᠤᠬᠠᠢ ᠶᠢᠨ | ᠭᠠᠵᠠᠷ ᠢ ᠴᠢᠨᠡᠭᠡᠯᠢᠭᠵᠢᠭᠦᠯᠬᠦ᠂ ᠲᠤᠬᠠᠢ ᠶᠢᠨ ᠭᠠᠵᠠᠷ ᠤᠨ ᠬᠢᠨ ᠢ ᠪᠦᠯᠬᠦᠮᠳᠡᠭᠦᠯᠬᠦ᠂ ᠲᠤᠬᠠᠢ ᠶᠢᠨ ᠭᠠᠵᠠᠷ ᠢ ᠠᠮᠤᠷ ᠲᠣᠭᠲᠠᠭᠤᠨ ᠪᠠᠶᠢᠯᠭᠠᠬᠤ ᠡᠷᠡᠰ ᠴᠢᠩᠭ᠎ᠠ ᠲᠠᠶᠢᠴᠢᠨ | ᠪᠠᠬᠢᠯᠡᠯᠲᠡ ᠪᠣᠯᠭᠠᠨ᠂ ᠨᠠᠮ ᠤᠨ ᠭᠡᠰᠢᠭᠦᠨ ᠨᠢᠭᠡᠪᠦᠷᠢ ᠶᠢ ᠴᠥᠮ ᠪᠦᠯᠬᠦᠮᠳᠡᠯ ᠲᠣᠭᠲᠠᠭᠤᠨ ᠢ ᠬᠠᠮᠠᠭᠠᠯᠠᠬᠤ᠂ ᠬᠠᠮᠲᠤ ᠪᠠᠷ ᠴᠢᠨᠡᠭᠡᠯᠢᠭᠵᠢᠬᠦ ᠶᠢ ᠠᠬᠢᠭᠤᠯᠬᠤ ᠲᠤᠭ | ᠪᠤᠯᠭᠠᠬᠤ ᠬᠡᠷᠡᠭᠲᠡᠢ᠃ | - ᠶᠡᠷᠦᠩᠬᠡᠢ ᠱᠦᠵᠢ ᠰᠢ ᠶᠢᠨ ᠫᠢᠩ ᠤᠨ 2014 ᠣᠨ ᠤ 9 ᠰᠠᠷ᠎ᠠ ᠶᠢᠨ 28 ᠤ ᠡᠳᠦᠷ ᠤᠨ ᠲᠥᠪ ᠤᠨ ᠦᠨᠳᠦᠰᠦᠲᠡᠨ ᠤ ᠠᠵᠢᠯ ᠤᠨ ᠬᠤᠷᠠᠯ ᠳᠡᠭᠡᠷᠡᠬᠢ | ᠶᠠᠷᠢᠶ᠎ᠠ ᠠᠴᠠ | | | | | | | ᠰᠢᠨ᠎ᠡ ᠪᠠᠶᠢᠳᠠᠯ ᠳᠣᠣᠷᠠᠬᠢ ᠦᠨᠳᠦᠰᠦᠲᠡᠨ ᠤ ᠠᠵᠢᠯ ᠢ ᠰᠠᠶᠢᠲᠤᠷ ᠬᠢᠬᠦ ᠳᠤ ᠡᠷᠬᠡᠪᠰᠢ ᠨᠠᠮ ᠤᠨ ᠦᠨᠳᠦᠰᠦᠲᠡᠨ ᠤ ᠠᠵᠢᠯ ᠳᠠᠬᠢ ᠤᠳᠤᠷᠢᠳᠤᠯᠭ᠎ᠠ ᠶᠢ | ᠴᠢᠩᠭᠠᠳᠬᠠᠬᠤ ᠬᠡᠷᠡᠭᠲᠡᠢ᠃ ᠡᠯ᠎ᠡ ᠱᠠᠲᠤᠨ ᠤ ᠨᠠᠮ ᠤᠨ ᠬᠤᠷᠢᠶ᠎ᠠ ᠦᠨᠳᠦᠰᠦᠲᠡᠨ ᠤ ᠠᠵᠢᠯ ᠢ ᠡᠳᠦᠷ ᠳᠣᠳᠣᠮ ᠤᠨ ᠴᠢᠬᠤᠯᠠ ᠵᠥᠪᠯᠡᠭᠦ ᠵᠦᠢᠯ ᠳᠡᠭᠡᠨ ᠣᠷᠣᠭᠤᠯᠵᠤ᠂ | ᠦᠨᠳᠦᠰᠦᠲᠡᠨ ᠤ ᠠᠵᠢᠯ ᠢ ᠣᠶᠢᠯᠠᠭᠠᠬᠤ ᠡᠰᠡᠬᠦ᠂ ᠦᠨᠳᠦᠰᠦᠲᠡᠨ ᠤ ᠪᠦᠯᠬᠦᠮᠳᠡᠯ ᠢ ᠠᠳᠬᠤᠵᠤ ᠴᠢᠳᠠᠬᠤ ᠡᠰᠡᠬᠦ ᠪᠠᠷ ᠤᠳᠤᠷᠢᠳᠬᠤ ᠺᠠᠳ᠋ᠷ ᠢ ᠰᠢᠯᠭᠠᠨ ᠪᠠᠶᠢᠴᠠᠭᠠᠬᠤ | ᠴᠢᠬᠤᠯᠠ ᠠᠭᠤᠯᠭ᠎ᠠ ᠪᠤᠯᠭᠠᠬᠤ ᠬᠡᠷᠡᠭᠲᠡᠢ᠃ | - ᠶᠡᠷᠦᠩᠬᠡᠢ ᠱᠦᠵᠢ ᠰᠢ ᠶᠢᠨ ᠫᠢᠩ ᠤᠨ 2019 ᠣᠨ ᠤ 9 ᠰᠠᠷ᠎ᠠ ᠶᠢᠨ 27 ᠤ ᠡᠳᠦᠷ ᠤᠨ ᠪᠦᠭᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠡ ᠶᠢᠨ | ᠬᠥᠬᠢᠭᠦᠯᠦᠨ ᠰᠠᠶᠢᠰᠢᠶᠠᠬᠤ ᠶᠡᠭᠡ ᠬᠤᠷᠠᠯ ᠳᠡᠭᠡᠷᠡᠬᠢ ᠶᠠᠷᠢᠶ᠎ᠠ ᠠᠴᠠ | | | | | | | | ᠬᠦᠷᠡᠯ ᠰᠠᠪᠠ ᠪᠣᠯ ᠮᠠᠨ ᠤ ᠤᠯᠤᠰ ᠤᠨ ᠡᠷᠲᠡᠨ ᠤ ᠲᠦᠷᠦ ᠶᠢᠨ ᠴᠢᠬᠤᠯᠠ ᠪᠠᠭᠠᠵᠢ ᠬᠡᠷᠡᠭᠰᠡᠯ ᠪᠣᠯᠣᠨ᠎ᠠ᠂ ᠱᠠᠩ ᠤᠯᠤᠰ ᠠᠴᠠ ᠵᠡᠭᠦᠨ ᠵᠧᠦ ᠬᠦᠷᠲᠡᠯᠡᠬᠢ ᠴᠠᠭ | ᠦᠶ᠎ᠡ ᠳᠤ ᠬᠤᠭᠤᠯᠠ ᠪᠤᠳᠠᠭ᠎ᠠ ᠠᠶᠠᠭᠠᠯᠠᠬᠤ ᠬᠡᠷᠡᠭᠰᠡᠯ ᠪᠤᠶᠤ ᠶᠣᠰᠣᠯᠠᠯ ᠤᠨ ᠬᠡᠷᠡᠭᠰᠡᠯ ︵ᠲᠠᠭᠢᠯᠭ᠎ᠠ ᠶᠢᠨ ᠡᠳ᠋ ᠰᠠᠪᠠᠯᠠᠬᠤ ᠳᠤ ᠬᠡᠷᠡᠭᠯᠡᠳᠡᠭ︶ ᠤᠨ ᠬᠤᠪᠢ ᠳᠤ | ᠥᠷᠭᠡᠨ ᠢᠶᠠᠷ ᠬᠡᠷᠡᠭᠯᠡᠭᠳᠡᠵᠦ ᠪᠠᠶᠢᠵᠠᠢ᠃ | ᠤᠯᠠᠨ ᠵᠠᠭᠤᠨ ᠵᠢᠯ ᠤᠨ ᠳᠠᠷᠠᠭᠠᠬᠢ ᠥᠨᠥᠳᠥᠷ᠂ ᠮᠠᠨ ᠤ ᠤᠯᠤᠰ ᠠᠴᠠ ᠮᠠᠯᠲᠠᠵᠤ ᠢᠯᠡᠷᠡᠭᠦᠯᠦᠭᠰᠡᠨ ᠵᠧᠦ ᠤᠯᠤᠰ ᠴᠦᠨ ᠴᠢᠦ ᠶᠢᠨ ᠦᠶ᠎ᠡ ᠶᠢᠨ ᠬᠦᠷᠡᠯ ᠰᠠᠪᠠ | ᠲᠤᠩ ᠴᠥᠭᠡᠨ᠃ ᠤᠯᠠᠭᠠᠨᠬᠠᠳᠠ ᠬᠤᠲᠠ ᠶᠢᠨ ᠨᠢᠩᠴᠧᠩ ᠰᠢᠶᠠᠨ ᠤ ᠯᠢᠶᠣᠣ ᠤᠯᠤᠰ ᠤᠨ ᠲᠤᠮᠳᠠᠳᠤ ᠨᠡᠶᠢᠰᠯᠡᠯ ᠤᠨ ᠮᠦᠽᠧᠢ ᠳᠤ ᠳᠡᠯᠡᠬᠡᠢ ᠳᠤ ᠬᠤᠪᠣᠷᠬᠠᠨ ︽ᠰᠢᠦᠢ | ᠤᠯᠤᠰ ᠤᠨ ᠵᠢᠶᠠᠩ ᠣᠪᠣᠭᠲᠤ ᠶᠢᠨ ᠤᠳᠬᠤᠨ ᠬᠥᠪᠡᠭᠦᠨ ᠤ ᠬᠢᠭᠰᠡᠨ ᠬᠤᠨᠳᠠᠭ᠎ᠠ ᠬᠦᠷᠡᠯ ᠰᠠᠪᠠ ᠶᠢ ᠦᠷ᠎ᠡ ᠠᠴᠢᠨᠠᠷ ᠪᠣᠯᠣᠭᠰᠠᠳ ᠲᠦᠮᠡᠨ ᠦᠶ᠎ᠡ ᠬᠠᠳᠠᠭᠠᠯᠠᠨ | ᠬᠡᠷᠡᠭᠯᠡᠮᠦ︾ ᠭᠡᠮᠡᠭᠦ ᠠᠭᠤᠯᠭ᠎ᠠ ᠪᠦᠬᠦᠢ ᠬᠢᠲᠠᠳ ᠦᠰᠦᠭ ᠰᠡᠶᠢᠯᠦᠭᠰᠡᠨ ᠳᠥᠷᠪᠡᠯᠵᠢᠨ ᠰᠠᠭᠤᠳᠠᠯᠲᠤ ᠭᠦ᠋ᠷᠡᠯ ᠰᠠᠪᠠ ᠬᠠᠳᠠᠭᠠᠯᠠᠰᠤᠳᠠᠢ ᠪᠠᠶᠢᠳᠠᠭ᠃ | ᠡᠨᠡ ᠬᠦ ᠬᠦᠷᠡᠯ ᠰᠠᠪᠠ ᠪᠣᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢᠬᠢ ᠤᠮᠠᠷᠠᠲᠤ ᠣᠷᠣᠨ ᠳᠤ ᠢᠯᠡᠷᠡᠭᠦᠯᠦᠭᠰᠡᠨ ᠬᠠᠮᠤᠭ ᠤᠨ ᠦᠨ᠎ᠡ | ᠥᠷᠲᠡᠭ ᠲᠠᠢ ᠬᠦᠷᠡᠯ ᠰᠠᠪᠠ ᠪᠣᠯᠣᠨ᠎ᠠ᠃ ᠲᠡᠭᠦᠨ ᠳᠤ ᠮᠠᠨ ᠤ ᠤᠯᠤᠰ ᠤᠨ ᠡᠷᠲᠡᠨ ᠠᠴᠠ ᠨᠠᠭᠠᠰᠢᠬᠢ ᠶᠣᠰᠣᠯᠠᠯ ᠭᠦ᠋ᠭᠵᠢᠮ ᠤᠨ ᠰᠣᠶᠣᠯ ᠵᠢᠴᠢ ᠲᠠᠷᠢᠶᠠᠯᠠᠬᠤ | ᠪᠣᠯᠪᠠᠰᠤᠨ ᠪᠣᠯᠣᠨ ᠨᠡᠭᠦᠳᠡᠯ ᠮᠠᠯᠵᠢᠯ ᠤᠨ ᠪᠣᠯᠪᠠᠰᠤᠨ ᠤ ᠮᠥᠷᠭᠦᠯᠲᠦᠭᠡᠨ᠂ ᠰᠣᠯᠢᠯᠴᠠᠭᠠᠨ ᠤ ᠤᠯᠠ ᠮᠥᠷ ᠨᠢᠭᠤᠭᠳᠠᠵᠤ ᠪᠤᠢ᠃ | | | | ᠳ᠋ᠦᠩᠬᠤ ᠶᠢᠨ ᠪᠤᠯᠠᠰᠢᠨ ᠠᠴᠠ ᠵᠦᠩᠶᠤᠸᠠᠨ ᠣᠷᠣᠨ ᠤ ᠶᠣᠰᠣᠯᠠᠯ ᠤᠨ ᠪᠠᠭᠠᠵᠢ ᠣᠯᠳᠠᠪᠠ | ᠴᠦᠨ ᠴᠢᠦ ᠶᠢᠨ ᠦᠶ᠎ᠡ ᠶᠢᠨ ᠰᠢᠦᠢ ᠤᠯᠤᠰ ᠤᠨ ᠬᠦᠷᠡᠯ ᠰᠠᠪᠠ ᠨᠢ ᠫᠠᠯᠠᠭᠠᠷ ᠠᠮᠠᠰᠠᠷ ᠲᠠᠢ᠂ ᠬᠡᠪᠡᠯᠢ ᠶᠢᠨ ᠬᠡᠰᠡᠭ ᠢᠶᠠᠷ ᠢᠶᠠᠨ ᠭᠦᠳᠦᠶᠢᠭᠰᠡᠨ ᠮᠥᠷᠲᠡᠭᠡᠨ ᠵᠢᠭᠠᠬᠠᠨ | ᠤᠨᠵᠢᠭᠠᠷ ᠪᠠᠶᠢᠵᠤ᠂ ᠴᠠᠭᠠᠷᠢᠭ ᠰᠠᠭᠤᠷᠢ᠂ ᠳᠥᠷᠪᠡᠯᠵᠢᠨ ᠰᠠᠭᠤᠳᠠᠯ ᠲᠠᠢ᠂ ᠠᠷᠢᠶᠠᠲᠠᠨ ᠤ ᠴᠢᠬᠢ ᠶᠢᠨ ᠭᠡᠯᠪᠡᠷᠢ ᠪᠦᠬᠦᠢ ᠬᠤᠣᠰ ᠰᠡᠨᠵᠢ ᠲᠠᠢ᠂ ᠵᠢᠭᠳᠡ ᠵᠢᠷᠤᠭᠠᠰᠤ ᠶᠢᠨ | ᠬᠡ ᠲᠠᠢ ᠪᠠᠶᠢᠵᠤ᠂ ᠬᠦᠷᠡᠯ ᠰᠠᠪᠠ ᠶᠢᠨ ᠢᠷᠤᠭᠠᠷ ᠲᠤᠨᠢ ︽ᠰᠢᠦᠢ ᠤᠯᠤᠰ ᠤᠨ ᠵᠢᠶᠠᠩ ᠣᠪᠣᠭᠲᠤ ᠶᠢᠨ ᠤᠳᠬᠤᠨ ᠬᠥᠪᠡᠭᠦᠨ ᠤ ᠬᠢᠭᠰᠡᠨ ᠬᠤᠨᠳᠠᠭ᠎ᠠ ᠬᠦᠷᠡᠯ ᠰᠠᠪᠠ ᠶᠢ | ᠦᠷ᠎ᠡ ᠠᠴᠢᠨᠠᠷ ᠪᠣᠯᠣᠭᠰᠠᠳ ᠲᠦᠮᠡᠨ ᠦᠶ᠎ᠡ ᠬᠠᠳᠠᠭᠠᠯᠠᠨ ᠬᠡᠷᠡᠭᠯᠡᠮᠦ︾ ᠭᠡᠮᠡᠭᠦ 3 ᠮᠥᠷ 16 ᠦᠰᠦᠭ ᠬᠦᠷᠡᠯ ᠤᠨ ᠪᠢᠴᠢᠭᠡᠰᠦ ᠲᠠᠢ᠂ ᠥᠨᠳᠥᠷ ᠢᠶᠠᠷ ᠢᠶᠠᠨ 25.4 | ᠰᠠᠨᠲ᠋ᠢᠮᠧᠲᠷ᠂ ᠥᠷᠭᠡᠨ ᠢᠶᠠᠷ ᠢᠶᠠᠨ 34.6 ᠰᠠᠨᠲ᠋ᠢᠮᠧᠲᠷ᠂ ᠠᠮᠠᠰᠠᠷ ᠤᠨ ᠳ᠋ᠢᠶᠠᠮᠧᠲᠷ ᠨᠢ 30 ᠰᠠᠨᠲ᠋ᠢᠮᠧᠲᠷ ᠪᠠᠶᠢᠵᠤ᠂ ᠤᠯᠤᠰ ᠤᠨ ᠨᠢᠭᠡᠳᠦᠭᠡᠷ ᠳᠡᠰ ᠤᠨ ᠲᠡᠦᠬᠡ ᠶᠢᠨ | ᠳᠤᠷᠠᠰᠬᠠᠯᠲᠤ ᠡᠳ᠋ ᠪᠣᠯᠣᠨ᠎ᠠ᠃ | ︽ᠰᠢᠦᠢ ᠤᠯᠤᠰ ᠤᠨ ᠬᠦᠷᠡᠯ ᠰᠠᠪᠠ ᠶᠢ 1985 ᠣᠨ ᠳᠤ ᠮᠠᠯᠲᠠᠵᠤ ᠢᠯᠡᠷᠡᠭᠦᠯᠵᠡᠢ᠂ ᠵᠦᠩᠶᠤᠸᠠᠨ ᠣᠷᠣᠨ ᠤ ᠨᠡᠶᠢᠲᠡᠯᠢᠭ ᠰᠣᠶᠣᠯ ᠤᠨ ᠣᠨᠴᠠᠯᠢᠭ ᠲᠠᠢ᠃ ᠪᠢ ᠡᠨᠡ | ᠬᠦ ᠬᠦᠷᠡᠯ ᠰᠠᠪᠠ ᠶᠢ ᠮᠠᠯᠲᠠᠨ ᠢᠯᠡᠷᠡᠭᠦᠯᠦᠭᠰᠡᠨ ᠴᠠᠭ ᠠᠴᠠ ᠡᠬᠢᠯᠡᠭᠡᠳ ᠳᠡᠯᠡᠬᠡᠢ ᠶᠢᠨ ᠬᠥᠮᠥᠰ ᠤᠨ ᠠᠩᠬᠠᠷᠤᠯ ᠳᠤ ᠬᠦᠷᠬᠦ ᠪᠦᠭᠦ ᠶᠠᠪᠤᠴᠠ ᠳᠤ ᠣᠷᠣᠯᠴᠠᠬᠰᠠᠨ | ᠪᠥᠭᠡᠳ ᠬᠦᠷᠡᠯ ᠰᠠᠪᠠ ᠶᠢᠨ ᠲᠤᠬᠠᠢ ᠬᠤᠶᠠᠷ ᠵᠣᠬᠢᠶᠠᠯ ᠨᠡᠶᠢᠲᠡᠯᠡᠭᠰᠡᠨ ᠳᠡᠭᠡᠨ ᠰᠡᠳᠬᠢᠯ ᠬᠠᠨᠤᠮᠵᠢᠳᠠᠢ ᠪᠠᠶᠢᠨ᠎ᠠ︾ ᠭᠡᠵᠦ 85 ᠨᠠᠰᠤᠲᠠᠢ᠂ ᠠᠵᠢᠯ ᠠᠴᠠ ᠪᠠᠨ | ᠠᠮᠠᠷᠠᠭᠰᠠᠨ ᠤᠯᠠᠭᠠᠨᠬᠠᠳᠠ ᠶᠢᠨ ᠮᠦᠽᠧᠢ ᠶᠢᠨ ᠤᠤᠯ ᠤᠨ ᠳᠠᠷᠤᠭ᠎ᠠ ᠪᠠᠶᠢᠭᠰᠠᠨ ᠰᠢᠶᠠᠩ ᠴᠦᠨ ᠰᠥᠩ ᠨᠠᠰᠤᠲᠠᠨ ᠲᠤᠬᠠᠢ ᠶᠢᠨ ᠵᠢᠯ ᠤᠨ ᠮᠠᠯᠳᠠᠯᠭ᠎ᠠ ᠪᠠ ᠡᠮᠬᠢᠳᠬᠡᠬᠦ | ᠠᠵᠢᠯ ᠳᠤ ᠣᠷᠣᠯᠴᠠᠬᠰᠠᠨ ᠢᠶᠠᠨ ᠡᠷᠭᠢᠴᠡᠭᠦᠯᠦᠨ ᠶᠠᠷᠢᠨ᠎ᠠ᠃ | 1985 ᠣᠨ ᠤ 4 ᠰᠠᠷ᠎ᠠ ᠶᠢᠨ ᠡᠬᠢ ᠪᠠᠷ᠂ ᠨᠢᠩᠴᠧᠩ ᠰᠢᠶᠠᠨ ᠤ ᠳ᠋ᠢᠶᠠᠨ ᠽᠢ ᠰᠢᠶᠠᠩ ᠤᠨ ᠰᠢᠶᠣᠣ ᠾᠧᠢ ᠱᠢ ᠭᠧᠦ ᠲᠣᠰᠬᠤᠨ ᠤ ᠲᠠᠷᠢᠶᠠᠴᠢᠨ ᠰᠢᠷᠣᠢ ᠲᠡᠭᠡᠭᠡᠵᠦ | ᠪᠠᠶᠢᠬᠤ ᠳᠤ ᠭᠡᠨᠡᠳᠲᠡ ᠰᠢᠷᠣᠢ ᠶᠢᠨ ᠲᠤᠪᠤ ᠨᠤᠷᠠᠵᠤ᠂ ᠨᠢᠭᠡᠨ ᠴᠢᠯᠠᠭᠤᠨ ᠠᠪᠰᠠ ᠲᠠᠢ ᠪᠤᠯᠠᠰᠢ ᠪᠠ ᠮᠠᠰᠢ ᠣᠯᠠᠨ ᠲᠡᠦᠬᠡ ᠶᠢᠨ ᠳᠤᠷᠠᠰᠬᠠᠯᠲᠤ ᠵᠦᠢᠯᠡᠰ ᠢᠯᠡᠷᠡᠪᠡ᠃ | ᠲᠣᠰᠬᠤᠨ ᠤ ᠵᠥᠪᠯᠡᠯ ᠡᠨᠡ ᠬᠦ ᠪᠠᠶᠢᠳᠠᠯ ᠢ ᠮᠡᠳᠡᠭᠰᠡᠨ ᠤ ᠳᠠᠷᠠᠭ᠎ᠠ᠂ ᠬᠥᠮᠥᠨ ᠲᠣᠮᠢᠯᠠᠨ ᠪᠤᠯᠢᠶᠠᠬᠤ ᠠᠵᠢᠯᠯᠠᠭ᠎ᠠ ᠶᠢ ᠴᠢᠩᠭ᠎ᠠ ᠰᠡᠷᠭᠡᠶᠢᠯᠡᠬᠦ ᠶᠢᠨ ᠵᠡᠷᠭᠡᠪᠡᠷ ᠳᠡᠭᠡᠷ᠎ᠡ | ᠱᠠᠲᠤᠨ ᠳᠤ ᠮᠡᠳᠡᠭᠦᠯᠪᠡ᠃ ᠤᠳᠠᠯ ᠦᠭᠡᠢ ᠰᠢᠶᠠᠩ ᠤᠨ ᠵᠠᠰᠠᠭ ᠤᠨ ᠣᠷᠳᠣᠨ᠂ ᠨᠢᠩᠴᠧᠩ ᠰᠢᠶᠠᠨ ᠤ ᠰᠣᠶᠣᠯ ᠤᠨ ᠲᠣᠪᠴᠢᠶ᠎ᠠ᠂ ᠤᠯᠠᠭᠠᠨᠬᠠᠳᠠ ᠬᠤᠲᠠ ᠶᠢᠨ | ᠲᠡᠦᠬᠡ ᠶᠢᠨ ᠳᠤᠷᠠᠰᠬᠠᠯᠲᠤ ᠵᠦᠢᠯᠡᠰ ᠤᠨ ᠠᠵᠢᠯ ᠤᠨ ᠥᠷᠲᠡᠭᠡ ︵ᠣᠳᠣ ᠶᠢᠨ ᠤᠯᠠᠭᠠᠨᠬᠠᠳᠠ ᠬᠤᠲᠠ ᠶᠢᠨ ᠮᠦᠽᠧᠢ︶ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ ᠤᠨ | ᠠᠵᠢᠯᠲᠠᠳ ᠲᠤᠬᠠᠢ ᠶᠢᠨ ᠲᠠᠯᠠᠪᠠᠢ ᠳᠤ ᠬᠦᠷᠴᠦ ᠪᠤᠯᠠᠰᠢ ᠶᠢ ᠬᠠᠶᠢᠨ ᠰᠢᠨᠵᠢᠯᠡᠬᠦ ᠶᠢᠨ ᠳᠠᠭᠠᠤ ᠬᠤᠪᠢ ᠬᠥᠮᠥᠨ ᠤ ᠠᠪᠠᠴᠢᠭᠰᠠᠨ ᠪᠤᠢ ᠪᠦᠬᠦᠢ ᠲᠡᠦᠬᠡ ᠶᠢᠨ | ᠳᠤᠷᠠᠰᠬᠠᠯᠲᠤ ᠵᠦᠢᠯᠡᠰ ᠢ ᠣᠯᠵᠤ ᠠᠪᠴᠢᠷᠠᠪᠠ᠃ | ᠤᠯᠠᠭᠠᠨᠬᠠᠳᠠ ᠬᠤᠲᠠ ᠶᠢᠨ ᠲᠡᠦᠬᠡ ᠶᠢᠨ ᠳᠤᠷᠠᠰᠬᠠᠯᠲᠤ ᠵᠦᠢᠯᠡᠰ ᠤᠨ ᠠᠵᠢᠯ ᠤᠨ ᠥᠷᠲᠡᠭᠡ ᠶᠢᠨ ᠳᠠᠷᠤᠭ᠎ᠠ ᠪᠠᠶᠢᠭᠰᠠᠨ ᠰᠢᠶᠠᠩ ᠴᠦᠨ ᠰᠥᠩ ᠪᠠᠰᠠ ᠲᠤᠬᠠᠢ ᠶᠢᠨ | ᠲᠠᠯᠠᠪᠠᠢ ᠳᠤ ᠬᠦᠷᠴᠦ ᠪᠤᠯᠠᠰᠢᠨ ᠤ ᠮᠠᠯᠳᠠᠯᠭ᠎ᠠ ᠳᠤ ᠣᠷᠣᠯᠴᠠᠪᠠ᠃ ᠤᠳᠠᠭᠠᠨ ᠬᠤᠨᠤᠭ ᠤᠨ ᠮᠠᠯᠳᠠᠯᠭ᠎ᠠ ᠪᠠᠷ ᠲᠠᠮᠵᠢᠵᠤ᠂ 20 ᠰᠢᠷᠬᠡᠭ ᠶᠣᠰᠣᠯᠠᠯ ᠤᠨ ᠬᠦᠷᠡᠯ ᠪᠠᠭᠠᠵᠢ᠂ | 10 ᠴᠢᠯᠠᠭᠤᠨ ᠪᠠᠭᠠᠵᠢ᠂ 70 ᠭᠠᠷᠤᠢ ᠲᠡᠷᠭᠡ ᠮᠣᠷᠢᠨ ᠤ ᠡᠳ᠋ᠯᠡᠯ᠂ 28 ᠰᠢᠷᠬᠡᠭ ᠬᠦᠷᠡᠯ ᠵᠡᠪᠰᠡᠭ ᠵᠡᠷᠭᠡ ᠣᠯᠠᠨ ᠲᠥᠷᠥᠯ ᠤᠨ ᠳᠠᠭᠠᠭᠤᠯᠤᠨ ᠣᠷᠣᠰᠢᠭᠤᠯᠤᠭᠰᠠᠨ | 400 ᠭᠠᠷᠤᠢ ᠬᠡᠷᠡᠭᠰᠡᠯ ᠢ ᠮᠠᠯᠲᠠᠨ ᠴᠤᠭᠯᠠᠭᠤᠯᠪᠠ᠂ ᠰᠢᠦᠢ ᠤᠯᠤᠰ ᠤᠨ ᠬᠦᠷᠡᠯ ᠰᠠᠪᠠ ᠳᠠᠷᠤᠢ ᠡᠭᠦᠨ ᠳᠤ ᠪᠠᠭᠲᠠᠵᠤ ᠪᠤᠢ᠃ | ᠬᠡᠳᠦᠶᠢᠪᠡᠷ ᠣᠨ ᠵᠢᠯ ᠥᠩᠭᠡᠷᠡᠵᠦ᠂ ᠮᠣᠳᠣᠨ ᠠᠪᠰᠠ ᠪᠠ ᠪᠤᠯᠠᠰᠢ ᠶᠢᠨ ᠡᠵᠡᠨ ᠤ ᠬᠡᠭᠦᠷ ᠪᠡᠶ᠎ᠡ ᠨᠢ ᠢᠯᠵᠢᠷᠡᠵᠦ᠂ ᠢᠯᠭᠠᠨ ᠲᠠᠨᠢᠭᠳᠠᠬᠤ ᠦᠭᠡᠢ ᠪᠣᠯᠤᠭᠰᠠᠨ | ᠪᠤᠯᠪᠠᠴᠤ᠂ ᠮᠠᠯᠲᠠᠵᠤ ᠢᠯᠡᠷᠡᠭᠦᠯᠦᠭᠰᠡᠨ ᠲᠡᠦᠬᠡ ᠶᠢᠨ ᠳᠤᠷᠠᠰᠬᠠᠯᠲᠤ ᠵᠦᠢᠯᠡᠰ ᠤᠨ ᠲᠤᠭ᠎ᠠ᠂ ᠬᠤᠪᠣᠷ ᠴᠤᠬᠠᠭ ᠤᠨ ᠬᠡᠮᠵᠢᠶ᠎ᠡ ᠵᠢᠴᠢ ᠬᠡᠪ ᠨᠠᠮᠪᠠ ᠶᠢ ᠨᠢ ᠦᠨᠳᠦᠰᠦᠯᠡᠪᠡᠯ᠂ | ᠡᠨᠡ ᠬᠦ ᠴᠢᠯᠠᠭᠤᠨ ᠠᠪᠰᠠ ᠲᠠᠢ ᠪᠤᠯᠠᠰᠢ ᠨᠢ ᠪᠠᠷᠤᠭ ᠰᠢᠶᠠ ᠵᠢᠶᠠ ᠳ᠋ᠢᠶᠠᠨ ᠤ ᠳᠡᠭᠡᠳᠦ ᠳᠠᠪᠬᠤᠷᠭ᠎ᠠ ᠶᠢᠨ ᠰᠣᠶᠣᠯ ᠤᠨ ᠴᠠᠭ ᠦᠶ᠎ᠡ ᠳᠤ ᠣᠷᠣᠰᠢᠵᠤ ᠪᠠᠶᠢᠭᠰᠠᠨ ᠪᠠ | ᠳ᠋ᠦᠩᠬᠤ ᠶᠢᠨ ᠢᠵᠠᠭᠤᠷᠲᠠᠨ ᠤ ᠪᠤᠯᠠᠰᠢ ᠮᠥᠨ ᠭᠡᠳᠡᠭ ᠨᠢ ᠲᠣᠳᠣᠷᠬᠠᠢ︾ ᠭᠡᠵᠦ ᠰᠢᠶᠠᠩ ᠴᠦᠨ ᠰᠥᠩ ᠬᠡᠯᠡᠪᠡ᠃ | ᠬᠤᠶᠠᠷ ᠵᠦᠢᠯ ᠤᠨ ᠠᠳᠠᠯᠢ ᠪᠤᠰᠤ ᠰᠣᠶᠣᠯ ᠤᠨ ᠬᠡᠪ ᠨᠠᠮᠪᠠ ᠪᠦ᠋ᠭᠦᠢ ᠣᠷᠣᠰᠢᠭᠤᠯᠭ᠎ᠠ ᠶᠢᠨ ᠡᠳ᠋ | ᠰᠤᠷᠪᠤᠯᠵᠢ ᠪᠢᠴᠢᠭ ᠲᠤ ᠲᠡᠮᠳᠡᠭᠯᠡᠭᠰᠡᠨ ᠢᠶᠠᠷ᠂ ᠰᠢᠶᠠ ᠵᠢᠶᠠ ᠳ᠋ᠢᠶᠠᠨ ᠤ ᠳᠡᠭᠡᠳᠦ ᠳᠠᠪᠬᠤᠷᠭ᠎ᠠ ᠶᠢᠨ ᠰᠣᠶᠣᠯ ᠤᠨ ᠴᠠᠭ ᠦᠶ᠎ᠡ ᠳᠤ ᠳ᠋ᠦᠩᠬᠤ ᠶᠢᠨ ᠦᠯᠡᠳᠡᠭᠳᠡᠯ | ᠨᠢ ᠭᠤᠣᠯᠳᠠᠭᠤ ᠯᠢᠶᠣᠤᠾᠧ ᠭᠤᠣᠯ ᠤᠨ ᠳᠡᠭᠡᠳᠦ ᠤᠷᠤᠰᠬᠠᠯ᠂ ᠳᠠᠷᠤᠢ ᠣᠳᠣ ᠶᠢᠨ ᠤᠯᠠᠭᠠᠨᠬᠠᠳᠠ ᠬᠤᠲᠠ ᠶᠢᠨ ᠬᠢᠯᠢ ᠳᠤ ᠲᠠᠷᠬᠠᠵᠤ᠂ ᠨᠢᠩᠴᠧᠩ ᠰᠢᠶᠠᠨ ᠤ ᠨᠠᠨ | ᠱᠠᠨ ᠭᠧᠨ ᠲᠤᠰᠬᠤᠨ ᠪᠠ ᠣᠶᠢᠷ᠎ᠠ ᠬᠠᠪᠢ ᠶᠢᠨ ᠠᠷᠪᠠ ᠭᠠᠷᠤᠢ ᠺᠢᠯᠣᠮᠧᠲᠷ ᠵᠠᠶᠢᠲᠠᠢ ᠪᠠᠶᠢᠬᠤ ᠰᠢᠶᠣᠣ ᠾᠧᠢ ᠱᠢ ᠭᠧᠦ ᠠᠭᠤᠯᠠᠷᠬᠠᠭ ᠣᠷᠣᠨ ᠪᠣᠯ ᠣᠷᠣᠰᠢᠨ | ᠠᠮᠢᠳᠤᠷᠠᠵᠤ ᠪᠠᠶᠢᠭᠰᠠᠨ ᠲᠥᠪ ᠣᠷᠣᠨ ᠪᠣᠯᠣᠨ᠎ᠠ᠃ | ᠮᠠᠯᠲᠠᠨ ᠢᠯᠡᠷᠡᠭᠦᠯᠦᠭᠰᠡᠨ 400 ᠭᠠᠷᠤᠢ ᠰᠢᠷᠬᠡᠭ ᠲᠡᠦᠬᠡᠨ ᠳᠤᠷᠠᠰᠬᠠᠯᠲᠤ ᠵᠦᠢᠯᠡᠰ ᠢ ᠰᠢᠨᠵᠢᠪᠡᠯ᠂ ᠬᠤᠶᠠᠷ ᠲᠣᠮᠣ ᠰᠣᠶᠣᠯ ᠤᠨ ᠰᠢᠰᠲ᠋ᠧᠮ ᠳᠤ | ᠬᠠᠷᠢᠶᠠᠯᠠᠭᠳᠠᠬᠤ ᠨᠢ ᠲᠣᠳᠣᠷᠬᠠᠢ᠃ ᠨᠢᠭᠡ ᠨᠢ ᠤᠮᠠᠷᠠᠲᠤ ᠶᠢᠨ ᠳ᠋ᠦᠩᠬᠤ ᠤᠭᠰᠠᠭᠠᠨ ᠤ ᠲᠤᠰ ᠪᠡᠶ᠎ᠡ ᠶᠢᠨ ᠬᠢᠨ ᠰᠣᠶᠣᠯ ᠤᠨ ᠰᠢᠰᠲ᠋ᠧᠮ ᠳᠤ ᠪᠠᠭᠲᠠᠨ᠎ᠠ᠂ ᠲᠤᠬᠠᠶᠢᠯᠠᠪᠠᠯ | ᠵᠠᠯᠭᠠᠯᠳᠤᠭᠰᠠᠨ ᠬᠤᠣᠰ ᠪᠤᠳᠤᠩ᠂ ᠵᠠᠯᠭᠠᠯᠳᠤᠭᠰᠠᠨ ᠲᠦᠷᠪᠡᠨ ᠪᠤᠳᠤᠩ᠂ ᠭᠤᠷᠪᠠᠨ ᠬᠥᠯᠲᠦ ᠰᠠᠪᠠ᠂ ᠵᠠᠯᠭᠠᠯᠳᠤᠭᠰᠠᠨ ᠥᠨᠳᠥᠷ ᠬᠥᠯᠲᠦ ᠵᠢᠷᠭᠤᠭᠠᠨ ᠲᠠᠪᠠᠭ ᠵᠡᠷᠭᠡ᠃ | ᠡᠭᠦᠨ ᠳᠤ ᠦᠢᠯᠡᠳᠪᠦᠷᠢᠯᠡᠯ ᠤᠨ ᠪᠠᠭᠠᠵᠢ ᠬᠡᠷᠡᠭᠰᠡᠯ᠂ ᠠᠮᠢᠲᠠᠨ ᠤ ᠬᠡ ᠲᠠᠢ ᠵᠠᠰᠠᠯ ᠴᠢᠮᠡᠭᠯᠡᠯ ᠤᠨ ᠡᠳ᠋᠂ ᠲᠡᠷᠭᠡ ᠮᠣᠷᠢᠨ ᠤ ᠬᠡᠷᠡᠭᠰᠡᠯ ᠵᠡᠷᠭᠡ ᠨᠢ ᠪᠣᠯ ᠳ᠋ᠦᠩᠬᠤ ᠪᠤᠶᠤ | ᠰᠢᠶᠠ ᠵᠢᠶᠠ ᠳ᠋ᠢᠶᠠᠨ ᠤ ᠳᠡᠭᠡᠳᠦ ᠳᠠᠪᠬᠤᠷᠭ᠎ᠠ ᠶᠢᠨ ᠰᠣᠶᠣᠯ ᠳᠤ ᠣᠨᠴᠠ ᠪᠠᠶᠢᠳᠠᠭ ᠪᠠᠭᠠᠵᠢ ᠬᠡᠷᠡᠭᠰᠡᠯ ᠪᠣᠯᠣᠨ᠎ᠠ᠃ ᠨᠦᠭᠦᠭᠡ ᠨᠢ ᠵᠦᠩᠶᠤᠸᠠᠨ ᠣᠷᠣᠨ ᠤ | ᠰᠣᠶᠣᠯ ᠤᠨ ᠰᠢᠰᠲ᠋ᠧᠮ ᠳᠤ ᠪᠠᠭᠲᠠᠨ᠎ᠠ᠂ ᠵᠢᠱᠢᠶᠡᠯᠡᠪᠡᠯ ᠬᠤᠨᠳᠠᠭ᠎ᠠ᠂ ᠳᠥᠷᠪᠡᠯᠵᠢᠨ ᠭᠦᠯᠢᠰ ᠪᠣᠯᠣᠨ ᠰᠢᠦᠢ ᠤᠯᠤᠰ ᠤᠨ ᠬᠦᠷᠡᠯ ᠰᠠᠪᠠ ᠵᠡᠷᠭᠡ᠃ | ︽ᠰᠢᠦᠢ ᠤᠯᠤᠰ ᠤᠨ ᠬᠦᠷᠡᠯ ᠰᠠᠪᠠ ᠪᠣᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢᠬᠢ ᠵᠡᠭᠦᠨ ᠬᠤᠶᠢᠲᠤ ᠣᠷᠣᠨ ᠤ ᠰᠢᠶᠠ ᠵᠢᠶᠠ | ᠳ᠋ᠢᠶᠠᠨ ᠤ ᠳᠡᠭᠡᠳᠦ ᠳᠠᠪᠬᠤᠷᠭ᠎ᠠ ᠶᠢᠨ ᠰᠣᠶᠣᠯ ᠤᠨ ᠪᠠᠭᠤᠷᠢ ᠠᠴᠠ ᠮᠠᠯᠲᠠᠵᠤ ᠢᠯᠡᠷᠡᠭᠦᠯᠦᠭᠰᠡᠨ ᠬᠦᠷᠡᠯ ᠪᠠᠭᠠᠵᠢ ᠶᠢᠨ ᠳᠣᠲᠣᠷ᠎ᠠ ᠠᠴᠠ ᠬᠠᠮᠤᠭ ᠤᠨ ᠠᠩᠬ᠎ᠠ | ᠢᠯᠡᠷᠡᠭᠦᠯᠦᠭᠰᠡᠨ ᠮᠥᠷᠲᠡᠭᠡᠨ ᠪᠢᠴᠢᠭᠡᠰᠦ ᠶᠢᠨ ᠠᠭᠤᠯᠭ᠎ᠠ ᠨᠢ ᠬᠠᠮᠤᠭ ᠤᠨ ᠪᠦᠷᠢᠨ ᠪᠦᠲᠦᠨ ᠵᠦᠩᠶᠤᠸᠠᠨ ᠣᠷᠣᠨ ᠤ ᠶᠣᠰᠣᠯᠠᠯ ᠤᠨ ᠪᠠᠭᠠᠵᠢ ᠪᠣᠯᠣᠨ᠎ᠠ᠃︾ ᠭᠡᠵᠦ | ᠰᠢᠶᠠᠩ ᠴᠦᠨ ᠰᠥᠩ ᠬᠡᠯᠡᠪᠡ᠃ ᠡᠭᠦᠨ ᠳᠤ᠂ ︽ᠰᠢᠦᠢ︾ ᠭᠡᠳᠡᠭ ᠬᠢᠲᠠᠳ ᠦᠰᠦᠭ ᠠᠴᠠ ᠦᠵᠡᠬᠦ ᠳᠤ ᠲᠡᠷᠡ ᠨᠢ ᠲᠤᠬᠠᠢ ᠶᠢᠨ ᠦᠶ᠎ᠡ ᠶᠢᠨ ᠵᠦᠩᠶᠤᠸᠠᠨ ᠣᠷᠣᠨ ᠤ | ᠰᠢᠦᠢ ᠤᠯᠤᠰ ᠢ ᠵᠢᠭᠠᠵᠤ ᠪᠤᠢ᠂ ᠰᠢᠦᠢ ᠤᠯᠤᠰ ᠪᠣᠯ ᠤᠳᠤ ᠶᠢᠨ ᠾᠧᠨᠠᠨ ᠮᠤᠵᠢ ᠶᠢᠨ ᠰᠢᠦᠢ ᠴᠠᠩ ᠣᠷᠴᠢᠮ ᠪᠠᠶᠢᠵᠤ᠂ ᠳ᠋ᠦᠩᠬᠤ ᠦᠨᠳᠦᠰᠦᠲᠡᠨ ᠤ ᠣᠷᠣᠰᠢᠨ | ᠠᠮᠢᠳᠤᠷᠠᠵᠤ ᠪᠠᠶᠢᠭᠰᠠᠨ ᠤᠯᠠᠭᠠᠨᠬᠠᠳᠠ ᠣᠷᠣᠨ ᠠᠴᠠ ᠮᠢᠩᠭ᠎ᠠ ᠢᠯᠡᠭᠦᠦ ᠭᠠᠵᠠᠷ ᠵᠠᠶᠢᠲᠠᠢ᠃ | ᠣᠶᠢᠯᠠᠭᠠᠭᠰᠠᠨ ᠢᠶᠠᠷ᠂ ᠣᠳᠣᠬᠠᠨ ᠳᠤ ᠡᠶᠢᠮᠦᠷᠬᠦᠦ ᠮᠠᠶ᠋ᠢᠭ ᠲᠠᠢ ᠰᠢᠦᠢ ᠤᠯᠤᠰ ᠤᠨ ᠬᠦᠷᠡᠯ ᠪᠠᠭᠠᠵᠢ ᠶᠢ ᠰᠢᠦᠢ ᠴᠠᠩ ᠠᠴᠠ ᠤᠯᠠᠨ ᠤᠯᠠᠨ ᠢᠯᠡᠷᠡᠭᠦᠯᠵᠡᠢ᠂ | ᠲᠡᠭᠡᠪᠡᠯ ᠰᠢᠦᠢ ᠤᠯᠤᠰ ᠤᠨ ᠬᠦᠷᠡᠯ ᠰᠠᠪᠠ ᠶᠠᠭᠠᠬᠢᠭᠠᠳ ᠮᠢᠩᠭᠠᠨ ᠭᠠᠵᠠᠷ ᠤᠨ ᠴᠠᠭᠠᠨᠠᠬᠢ ᠤᠯᠠᠭᠠᠨᠬᠠᠳᠠ ᠳᠤ ᠢᠯᠡᠷᠡᠪᠡ︖ ᠲᠡᠶᠢᠮᠦ ᠮᠥᠷᠲᠡᠭᠡᠨ ᠶᠠᠭᠠᠬᠢᠭᠠᠳ ᠪᠠᠰᠠ | ᠳ᠋ᠦᠩᠬᠤ ᠤᠭᠰᠠᠭᠠᠨ ᠤ ᠢᠵᠠᠭᠤᠷᠲᠠᠨ ᠤ ᠪᠤᠯᠠᠰᠢᠨ ᠠᠴᠠ ᠢᠯᠡᠷᠡᠪᠡ︖ | ᠰᠢᠶᠠᠩ ᠴᠦᠨ ᠰᠥᠩ ᠤᠯᠠᠨ ᠵᠢᠯ ᠲᠡᠦᠬᠡ ᠶᠢᠨ ᠳᠤᠷᠠᠰᠬᠠᠯᠲᠤ ᠵᠦᠢᠯᠡᠰ ᠰᠤᠳᠤᠯᠵᠤ᠂ ᠬᠤᠪᠣᠷ ᠴᠤᠬᠠᠭ ᠲᠡᠦᠬᠡ ᠶᠢᠨ ᠳᠤᠷᠠᠰᠬᠠᠯᠲᠤ ᠵᠦᠢᠯᠡᠰ ᠢ ᠮᠠᠰᠢ ᠣᠯᠠᠨ | ᠦᠵᠡᠵᠦ ᠥᠩᠭᠡᠷᠡᠭᠰᠡᠨ ᠪᠤᠯᠪᠠᠴᠤ ᠲᠤᠰᠬᠠᠢ ᠰᠤᠳᠤᠯᠤᠭᠰᠠᠨ ᠪᠥᠭᠡᠳ ᠣᠮᠣᠭᠰᠢᠯ ᠲᠦᠷᠦᠭᠦᠯᠦᠭᠰᠡᠨ ᠲᠡᠦᠬᠡ ᠶᠢᠨ ᠳᠤᠷᠠᠰᠬᠠᠯᠲᠤ ᠵᠦᠢᠯᠡᠰ ᠨᠢ ᠬᠠᠷᠢᠨ ᠡᠨᠡ ᠬᠦ | ᠰᠢᠦᠢ ᠤᠯᠤᠰ ᠤᠨ ᠬᠦᠷᠡᠯ ᠰᠠᠪᠠ ᠪᠠᠶᠢᠯ᠎ᠠ᠃ | 1995 ᠣᠨ ᠳᠤ ᠰᠢᠶᠠᠩ ᠴᠦᠨ ᠰᠥᠩ ᠨᠢᠭᠡᠳᠦᠭᠡᠷ ᠵᠣᠬᠢᠶᠠᠭᠴᠢ ᠶᠢᠨ ᠬᠤᠪᠢ ᠪᠠᠷ ᠪᠤᠰᠤᠳ ᠲᠠᠢ ᠬᠠᠮᠲᠤᠷᠠᠨ ︽ᠨᠢᠩᠴᠧᠩ ᠰᠢᠶᠠᠨ ᠤ ᠰᠢᠶᠣᠣ ᠾᠧᠢ ᠱᠢ | ᠭᠧᠦ ᠲᠣᠰᠬᠤᠨ ᠤ ᠴᠢᠯᠠᠭᠤᠨ ᠠᠪᠰᠠ ᠲᠠᠢ ᠪᠤᠯᠠᠰᠢ ᠶᠢ ᠪᠠᠶᠢᠴᠠᠭᠠᠵᠤ ᠲᠢᠭᠯᠡᠭᠰᠡᠨ ᠮᠡᠳᠡᠭᠦᠯᠦᠯᠲᠡ︾ ᠶᠢ ᠲᠤᠭᠤᠷᠪᠢᠵᠤ᠂ ᠬᠠᠭᠤᠴᠢ ᠰᠤᠳᠤᠯᠤᠯ᠂ ᠮᠦᠽᠧᠢ ᠶᠢᠨ | ᠰᠤᠳᠤᠯᠭᠠᠨ ᠤ ᠡᠷᠬᠡ ᠰᠦᠷᠲᠦ ᠰᠡᠳᠬᠦᠯ ᠪᠤᠯᠬᠤ ︽ᠲᠡᠦᠬᠡ ᠶᠢᠨ ᠳᠤᠷᠠᠰᠬᠠᠯᠲᠤ ᠵᠦᠢᠯᠡᠰ︾ ᠰᠡᠳᠬᠦᠯ ᠳᠡᠭᠡᠷ᠎ᠡ ᠨᠡᠶᠢᠲᠡᠯᠡᠪᠡ᠃ ᠡᠨᠡ ᠬᠦ ᠵᠣᠬᠢᠶᠠᠯ ᠨᠡᠶᠢᠲᠡᠯᠡᠭᠳᠡᠬᠦ ᠲᠠᠢ | ᠵᠡᠷᠭᠡ ᠠᠵᠢᠯ ᠲᠦᠷᠦᠯ ᠤᠨ ᠬᠢᠨ ᠤ ᠳᠤᠮᠳᠠ ᠬᠠᠯᠠᠮᠰᠢᠯ ᠪᠣᠯᠵᠤ᠂ ᠡᠭᠦᠨ ᠳᠤ ᠰᠢᠦᠢ ᠤᠯᠤᠰ ᠤᠨ ᠬᠦᠷᠡᠯ ᠰᠠᠪᠠ ᠨᠢ ᠨᠡᠩ ᠴᠦ ᠲᠤᠰᠬᠠᠢ ᠮᠡᠷᠭᠡᠵᠢᠯᠲᠡᠨ ᠪᠠ | ᠡᠷᠳᠡᠮᠲᠡᠳ ᠤᠨ ᠠᠩᠬᠠᠷᠤᠯ ᠢ ᠲᠠᠲᠠᠪᠠ᠃ 2000 ᠣᠨ ᠳᠤ ᠰᠢᠶᠠᠩ ᠴᠦᠨ ᠰᠥᠩ ᠣᠯᠠᠨ ᠵᠢᠯ ᠤᠨ ᠰᠤᠳᠤᠯᠭᠠᠨ ᠳᠠᠭᠠᠨ ᠰᠠᠭᠤᠷᠢᠯᠠᠵᠤ᠂ ︽ᠰᠢᠦᠢ ᠤᠯᠤᠰ ᠤᠨ | ᠬᠦᠷᠡᠯ ᠰᠠᠪᠠ ᠶᠢᠨ ᠪᠢᠴᠢᠭᠡᠰᠦ ᠶᠢᠨ ᠰᠢᠯᠭᠠᠨ ᠨᠤᠲᠠᠯᠠᠯᠲᠠ︾ ᠭᠡᠬᠦ ᠥᠭᠦᠯᠡᠯ ᠢᠶᠠᠨ ᠨᠡᠶᠢᠲᠡᠯᠡᠪᠡ᠃ ᠲᠤᠰ ᠥᠭᠦᠯᠡᠯ ᠳᠡᠭᠡᠨ ᠰᠢᠦᠢ ᠤᠯᠤᠰ ᠤᠨ ᠬᠦᠷᠡᠯ ᠰᠠᠪᠠ | ᠶᠠᠭᠠᠬᠢᠭᠠᠳ ᠤᠯᠠᠭᠠᠨᠬᠠᠳᠠ ᠣᠷᠣᠨ ᠳᠤ ᠢᠯᠡᠷᠡᠭᠰᠡᠨ᠂ ᠲᠡᠷᠡ ᠮᠥᠷᠲᠡᠭᠡᠨ ᠬᠡᠷᠬᠢᠨ ᠳ᠋ᠦᠩᠬᠤ ᠤᠭᠰᠠᠭᠠᠨ ᠤ ᠢᠵᠠᠭᠤᠷᠲᠠᠨ ᠤ ᠣᠩᠭᠤᠨ ᠳᠤ ᠢᠯᠡᠷᠡᠭᠰᠡᠨ ᠲᠤᠬᠠᠢ | ᠯᠠᠪᠳᠠᠭᠤᠨ ᠪᠣᠳᠠᠲᠠᠢ᠂ ᠨᠠᠷᠢᠨ ᠨᠢᠮᠪᠠᠢ ᠰᠤᠳᠤᠯᠤᠨ ᠲᠠᠶᠢᠯᠪᠤᠷᠢᠯᠠᠵᠤ᠂ ᠣᠳᠣ ᠪᠤᠯᠳᠠᠯᠠᠭᠢ ᠠᠳᠠᠯᠢ ᠲᠥᠷᠥᠯ ᠤᠨ ᠪᠠᠭᠠᠵᠢ ᠬᠡᠷᠡᠭᠰᠡᠯ ᠤᠨ ᠰᠤᠳᠤᠯᠭᠠᠨ ᠤ ᠬᠦᠷᠢᠶ᠎ᠡ | ᠴᠠᠷᠠᠭᠠᠨ ᠳᠠᠬᠢ ᠴᠢᠬᠤᠯᠠ ᠭᠡᠷᠡᠴᠢ ᠪᠠᠷᠢᠮᠲᠠ ᠪᠣᠯᠵᠠᠢ᠃ | ᠥᠷᠥᠰᠢᠶᠡᠯ ᠶᠣᠰᠣᠯᠠᠯ ᠠᠴᠢᠯᠠᠯ ᠢᠶᠠᠷ ᠲᠥᠪᠯᠡᠭᠰᠡᠨ ᠰᠣᠯᠢᠯᠴᠠᠭ᠎ᠠ | ᠰᠢᠶᠠᠩ ᠴᠦᠨ ᠰᠥᠩ ᠤᠨ ᠭᠡᠯᠡᠭᠦ ᠪᠠᠷ᠂ ᠰᠢᠦᠢ ᠤᠯᠤᠰ ᠤᠨ ᠬᠦᠷᠡᠯ ᠰᠠᠪᠠ ᠶᠢᠨ ᠭᠡᠯᠪᠡᠷᠢ ᠪᠦᠲᠦᠴᠡ᠂ ᠪᠢᠴᠢᠭᠡᠰᠦ ᠵᠡᠷᠭᠡ ᠠᠴᠠ ᠦᠵᠡᠬᠦ ᠳᠤ ᠲᠡᠷᠡ ᠨᠢ | ᠤᠯᠤᠰ ᠤᠨ ᠨᠡᠷ᠎ᠡ ᠪᠠᠷ ᠴᠢᠳᠬᠤᠵᠤ ᠪᠦᠲᠦᠭᠡᠭᠰᠡᠨ ᠤᠯᠤᠰ ᠤᠨ ᠡᠷᠳᠡᠨᠢ ᠪᠤᠯᠬᠤ ᠨᠢ ᠰᠡᠵᠢᠭᠯᠡᠰᠢ ᠦᠭᠡᠢ᠃ ᠣᠳᠣᠬᠠᠨ ᠳᠤ ᠮᠠᠨ ᠤ ᠤᠯᠤᠰ ᠰᠢᠦᠢ ᠤᠯᠤᠰ ᠤᠨ | ᠤᠯᠤᠰ ᠤᠨ ᠡᠷᠳᠡᠨᠢ ᠶᠢᠨ ᠳᠡᠰ ᠤᠨ ᠬᠦᠷᠡᠯ ᠰᠠᠪᠠ ᠶᠢ ᠲᠠᠪᠤ ᠵᠢᠷᠭᠤᠭᠠᠬᠠᠨ ᠰᠢᠷᠬᠡᠭ ᠢᠯᠡᠷᠡᠭᠦᠯᠦᠭᠡᠳ ᠪᠤᠢ᠂ ᠡᠭᠦᠨ ᠳᠤ ᠲᠤᠰ ᠬᠦᠷᠡᠯ ᠰᠠᠪᠠ ᠨᠢ ᠤᠯᠠᠭᠠᠨᠬᠠᠳᠠ ᠳᠤ | ᠬᠠᠳᠠᠭᠠᠯᠠᠭᠳᠠᠵᠤ᠂ ᠪᠤᠰᠤᠳ ᠨᠢ ᠾᠧᠨᠠᠨ ᠮᠤᠵᠢ ᠪᠤᠶᠤ ᠰᠢᠦᠢ ᠴᠠᠩ ᠤᠨ ᠮᠦᠽᠧᠢ ᠳᠤ ᠬᠠᠳᠠᠭᠠᠯᠠᠭᠳᠠᠵᠤ ᠪᠤᠢ᠃ | ︽ᠲᠡᠦᠬᠡᠨ ᠳᠤ ᠤᠯᠤᠰ ᠤᠨ ᠳᠦᠷᠢ ᠲᠥᠷᠬᠦ ᠶᠢ ᠲᠥᠯᠥᠭᠡᠯᠡᠭᠰᠡᠨ ᠤᠯᠤᠰ ᠤᠨ ᠡᠷᠳᠡᠨᠢ ᠪᠤᠰᠤᠳ ᠤᠯᠤᠰ ᠲᠤ ᠢᠯᠡᠷᠡᠭᠰᠡᠨ ᠰᠢᠯᠲᠠᠭᠠᠨ ᠢ ᠬᠤᠷᠢᠶᠠᠩᠭᠤᠶᠢᠯᠠᠪᠠᠯ | ᠶᠡᠭᠡ ᠲᠥᠯᠥᠪ ᠭᠤᠷᠪᠠᠨ ᠰᠢᠯᠲᠠᠭᠠᠨ ᠪᠤᠢ᠃ ᠳᠠᠷᠤᠢ ᠲᠠᠶᠢᠨ ᠪᠠᠶᠢᠯᠳᠤᠭᠠᠨ᠂ ᠳᠣᠲᠣᠭᠠᠳᠤ ᠶᠢᠨ ᠰᠠᠮᠠᠭᠤᠷᠠᠯ᠂ ᠬᠤᠶᠠᠷ ᠤᠯᠤᠰ ᠤᠨ ᠬᠤᠭᠤᠷᠣᠨᠳᠣᠭᠢ ᠨᠥᠭᠦᠷᠰᠡᠭ | ᠶᠠᠪᠤᠯᠴᠠᠭ᠎ᠠ ᠪᠣᠯᠣᠨ᠎ᠠ︾ ᠭᠡᠵᠦ ᠰᠢᠶᠠᠩ ᠴᠦᠨ ᠰᠥᠩ ᠬᠡᠯᠡᠪᠡ᠃ ᠲᠡᠦᠬᠡᠨ ᠠᠴᠠ ᠦᠵᠡᠪᠡᠯ᠂ ᠳ᠋ᠦᠩᠬᠤ ᠦᠨᠳᠦᠰᠦᠲᠡᠨ ᠵᠥᠪᠭᠡᠨ ᠵᠡᠭᠦᠨ ᠬᠤᠶᠢᠲᠤ ᠣᠷᠣᠨ᠂ ᠤᠮᠠᠷᠠᠲᠤ | ᠣᠷᠣᠨ ᠳᠤ ᠬᠥᠳᠡᠯᠭᠡᠭᠡᠨ ᠬᠢᠵᠦ ᠪᠠᠶᠢᠵᠠᠢ᠂ ᠳ᠋ᠦᠩᠬᠤ ᠦᠨᠳᠦᠰᠦᠲᠡᠨ ᠪᠠ ᠵᠦᠩᠶᠤᠸᠠᠨ ᠣᠷᠣᠨ ᠤ ᠰᠢᠦᠢ ᠤᠯᠤᠰ ᠤᠨ ᠬᠤᠭᠤᠷᠣᠨᠳᠤ ᠲᠠᠶᠢᠨ ᠪᠠᠶᠢᠯᠳᠤᠭᠠᠨ | ᠡᠭᠦᠰᠦᠭᠰᠡᠨ ᠤᠯᠠ ᠮᠥᠷ ᠪᠣᠯᠣᠨ ᠪᠢᠴᠢᠭ ᠮᠠᠲ᠋ᠧᠷᠢᠶᠠᠯ ᠢ ᠡᠷᠢᠵᠦ ᠣᠯᠬᠤ ᠦᠭᠡᠢ᠂ ᠬᠡᠷᠪᠡ ᠰᠢᠦᠢ ᠤᠯᠤᠰ ᠲᠤ ᠤᠯᠤᠰ ᠤᠨ ᠳᠣᠲᠣᠭᠠᠳᠤ ᠶᠢᠨ ᠰᠠᠮᠠᠭᠤᠷᠠᠯ | ᠡᠭᠦᠰᠦᠭᠰᠡᠨ ᠪᠣᠯ ᠤᠯᠠᠭᠠᠨᠬᠠᠳᠠ ᠨᠢ ᠾᠧᠨᠠᠨ ᠮᠤᠵᠢ ᠶᠢᠨ ᠰᠢᠦᠢ ᠴᠠᠩ ᠠᠴᠠ ᠬᠤᠶᠠᠷ ᠭᠤᠷᠪᠠᠨ ᠮᠢᠩᠭᠠᠨ ᠭᠠᠵᠠᠷ ᠤᠨ ᠵᠠᠶᠢᠲᠠᠢ ᠤᠴᠢᠷ ᠠᠴᠠ ᠳ᠋ᠦᠩᠬᠤ ᠶᠢᠨ | ᠬᠥᠮᠥᠰ ᠰᠢᠦᠢ ᠤᠯᠤᠰ ᠲᠤ ᠬᠦᠷᠴᠦ ᠶᠠᠭᠤᠮ᠎ᠠ ᠪᠤᠯᠢᠶᠠᠯᠴᠠᠬᠤ ᠪᠣᠯᠣᠯᠴᠠᠭ᠎ᠠ ᠦᠭᠡᠢ᠂ ᠡᠶᠢᠮᠦ ᠠᠴᠠ ᠵᠥᠪᠭᠡᠨ ᠨᠥᠭᠦᠷᠰᠡᠭ ᠶᠠᠪᠤᠯᠴᠠᠭ᠎ᠠ ᠨᠢ ᠲᠤᠬᠠᠢ ᠶᠢᠨ ᠦᠶ᠎ᠡ ᠶᠢᠨ | ᠪᠠᠶᠢᠳᠠᠯ ᠳᠤ ᠬᠠᠮᠤᠭ ᠠᠴᠠ ᠨᠡᠶᠢᠴᠡᠨ᠎ᠡ᠃ | ᠡᠶᠢᠮᠦᠷᠬᠦᠦ ᠨᠥᠭᠦᠷᠰᠡᠭ ᠶᠠᠪᠤᠯᠴᠠᠭᠠᠨ ᠳᠤ ᠬᠤᠸᠠᠰᠢᠶᠠ ᠦᠨᠳᠦᠰᠦᠲᠡᠨ ᠤ ᠡᠷᠲᠡᠨ ᠠᠴᠠ ᠳᠡᠭᠡᠳᠦᠯᠡᠨ ᠤᠯᠠᠮᠵᠢᠯᠠᠭᠰᠠᠭᠠᠷ ᠢᠷᠡᠭᠰᠡᠨ ᠰᠠᠶᠢᠨ ᠰᠠᠶᠢᠬᠠᠨ | ᠥᠷᠥᠰᠢᠶᠡᠯ ᠵᠢᠷᠤᠮ᠂ ᠶᠣᠰᠣᠯᠠᠯ᠂ ᠠᠴᠢᠯᠠᠯ ᠨᠢ ᠶᠠᠭ ᠨᠢᠭᠡᠨ ᠭᠡᠯᠪᠡᠷᠢ ᠦᠭᠡᠢ ᠬᠤᠯᠪᠣᠭᠠᠰᠤ ᠪᠣᠯᠵᠤ᠂ ᠵᠦᠩᠶᠤᠸᠠᠨ ᠣᠷᠣᠨ ᠪᠠ ᠤᠮᠠᠷᠠᠲᠤ ᠶᠢᠨ ᠦᠨᠳᠦᠰᠦᠲᠡᠨ ᠢ | ᠬᠤᠯᠪᠣᠨ᠂ ᠲᠤᠮᠳᠠᠳᠤ ᠶᠢᠨ ᠦᠨᠳᠦᠰᠦᠲᠡᠨ ᠤ ᠦᠶ᠎ᠡ ᠶᠢᠨ ᠦᠶ᠎ᠡ ᠳᠤ ᠲᠠᠰᠤᠷᠠᠰᠢ ᠦᠭᠡᠢ ᠤᠯᠠᠨ ᠶᠠᠩᠵᠤᠲᠤ ᠪᠣᠯᠪᠠᠰᠤᠨ ᠤ ᠰᠦᠭ ᠰᠦᠨᠡᠰᠦ ᠶᠢ ᠨᠢᠭᠲᠠᠷᠠᠭᠤᠯᠪᠠ᠃ | ᠬᠠᠷᠢᠨ ᠰᠢᠦᠢ ᠤᠯᠤᠰ ᠤᠨ ᠬᠦᠷᠡᠯ ᠰᠠᠪᠠ ᠨᠢ ᠮᠠᠨ ᠤ ᠤᠯᠤᠰ ᠤᠨ ᠡᠷᠲᠡᠨ ᠤ ᠨᠡᠷᠡᠲᠦ ᠬᠥᠮᠥᠨ ᠪᠦᠸᠧ ᠢ ᠪᠠ ᠱᠦ ᠴᠢ ᠶᠢᠨ ᠦᠯᠢᠭᠡᠷ ᠢ ᠠᠭᠤᠯᠵᠤ ᠪᠤᠢ᠃ | ︽ᠯᠢᠦᠢ ᠣᠪᠣᠭᠲᠤ ᠶᠢᠨ ᠱᠠᠰᠢᠨᠲᠤ ᠨᠣᠮ︾ ︽ᠰᠤᠳᠤᠷ ᠲᠡᠮᠳᠡᠭᠯᠡᠯ · ·ᠪᠦᠸᠧ ᠢ ᠶᠢᠨ ᠨᠠᠮᠲᠠᠷ︾ ᠲᠤ᠋ ᠲᠡᠮᠳᠡᠭᠯᠡᠭᠰᠡᠨ ᠢᠶᠠᠷ᠂ ᠪᠦᠸᠧ ᠢ᠂ ᠱᠦ ᠴᠢ ᠪᠣᠯ ᠱᠠᠩ | ᠤᠯᠤᠰ ᠤᠨ ᠰᠡᠭᠦᠯᠴᠢ ᠶᠢᠨ ᠭᠦ᠋ ᠵᠦ ᠵᠢᠶᠦ᠋ᠨ ᠸᠠᠩ ᠤᠨ ᠬᠤᠶᠠᠷ ᠬᠥᠪᠡᠭᠦᠨ᠂ ᠭᠦ᠋ ᠵᠦ ᠵᠢᠶᠦ᠋ᠨ ᠸᠠᠩ ᠭᠡᠷᠢᠶᠡᠰ ᠦᠯᠡᠳᠡᠭᠡᠵᠦ᠂ ᠭᠤᠷᠪᠠᠳᠤᠭᠠᠷ ᠬᠥᠪᠡᠭᠦᠨ ᠱᠦ ᠴᠢ ᠶᠢ | ᠸᠠᠩ ᠤᠨ ᠰᠠᠭᠤᠷᠢᠨ ᠵᠠᠯᠭᠠᠮᠵᠢᠯᠠᠭᠤᠯᠬᠤ ᠭᠡᠵᠡᠢ᠃ ᠭᠦ᠋ ᠵᠦ ᠵᠢᠶᠦ᠋ᠨ ᠸᠠᠩ ᠨᠠᠰᠤ ᠪᠠᠷᠠᠭᠰᠠᠨ ᠤ ᠳᠠᠷᠠᠭ᠎ᠠ᠂ ᠱᠦ ᠴᠢ ᠸᠠᠩ ᠤᠨ ᠰᠠᠭᠤᠷᠢᠨ ᠢᠶᠠᠨ ᠪᠦᠸᠧ ᠢ ᠳᠤ ᠨᠠᠶᠢᠷ | ᠲᠠᠯᠪᠢᠵᠤ ᠥᠭᠭᠦᠭᠰᠡᠨ ᠳᠤ ᠪᠦᠸᠧ ᠢ ᠡᠰᠡ ᠭᠥᠯᠢᠶᠡᠨ ᠠᠪᠤᠪᠠ᠂ ᠱᠦ ᠴᠢ ᠡᠰᠢ ᠶᠣᠰᠣ ᠶᠢ ᠵᠢᠷᠤᠮᠯᠠᠨ ᠨᠡᠶᠢᠭᠡᠮ ᠤᠨ ᠳᠦᠷᠢᠮ ᠭᠤᠷᠢᠮ ᠢ ᠡᠪᠳᠡᠭᠦ ᠶᠢ ᠬᠢᠴᠢᠶᠡᠵᠦ | ᠸᠠᠩ ᠤᠨ ᠰᠠᠭᠤᠷᠢᠨ ᠢ ᠡᠰᠡ ᠵᠠᠯᠭᠠᠮᠵᠢᠯᠠᠪᠠ᠃ ᠠᠬᠠᠨ ᠳᠡᠭᠦᠦᠰ ᠬᠤᠶᠠᠭᠤᠯᠠ ᠤᠷᠢᠳ ᠬᠤᠵᠢᠳ ᠵᠧᠦ ᠤᠯᠤᠰ ᠲᠤ ᠬᠦᠷᠴᠦ ᠪᠠᠶᠢᠴᠠᠭᠠᠪᠠ᠃ ᠵᠧᠦ ᠦ᠋ ᠸᠠᠩ ᠱᠠᠩ | ᠵᠧᠦ ᠸᠠᠩ ᠢ ᠳᠣᠪᠲᠣᠯᠬᠤ ᠭᠡᠰᠡᠨ ᠳᠤ ᠠᠬᠠᠨ ᠳᠡᠭᠦᠦᠰ ᠬᠤᠶᠠᠭᠤᠯᠠ ᠢᠳᠬᠠᠨ ᠬᠤᠷᠢᠭᠯᠠᠵᠠᠢ᠃ ᠵᠧᠦ ᠦ᠋ ᠸᠠᠩ ᠱᠠᠩ ᠤᠯᠤᠰ ᠢ ᠮᠥᠬᠦᠭᠡᠭᠰᠡᠨ ᠤ ᠰᠡᠭᠦᠯᠡᠷ᠂ ᠠᠬᠠᠨ | ᠳᠡᠭᠦᠦᠰ ᠬᠤᠶᠠᠭᠤᠯᠠ ᠵᠧᠦ ᠤᠯᠤᠰ ᠤᠨ ᠠᠮᠤ ᠪᠤᠳᠠᠭ᠎ᠠ ᠶᠢ ᠢᠳᠡᠬᠦ ᠶᠢ ᠢᠴᠢᠭᠦᠷᠢ ᠬᠡᠮᠡᠨ ᠦᠵᠡᠵᠦ᠂ ᠬᠡᠭᠡᠷ᠎ᠡ ᠶᠢᠨ ᠡᠪᠡᠰᠦ ᠪᠠᠷ ᠠᠮᠢ ᠵᠢᠭᠤᠵᠤ᠂ ᠱᠧᠦ ᠶᠠᠩ ᠱᠠᠨ | ᠠᠭᠤᠯᠠᠨ᠎ᠠ ᠦᠬᠦᠪᠡᠢ᠃ | ︽ᠡᠭᠦᠨ ᠠᠴᠠ ᠰᠢᠦᠢ ᠤᠯᠤᠰ ᠤᠨ ᠬᠦᠷᠡᠯ ᠰᠠᠪᠠ ᠶᠠᠭᠠᠬᠢᠭᠠᠳ ᠤᠯᠠᠭᠠᠨᠬᠠᠳᠠ ᠣᠷᠣᠨ ᠤ ᠳ᠋ᠦᠩᠬᠤ ᠶᠢᠨ ᠢᠵᠠᠭᠤᠷᠲᠠᠨ ᠤ ᠪᠤᠯᠠᠰᠢᠨ ᠳᠤ ᠢᠯᠡᠷᠡᠭᠰᠡᠨ ᠢ | ᠰᠢᠯᠭᠠᠨ ᠨᠤᠲᠠᠯᠠᠵᠤ ᠪᠣᠯᠣᠨ᠎ᠠ︾ ᠭᠡᠵᠦ ᠰᠢᠶᠠᠩ ᠴᠦᠨ ᠰᠥᠩ ᠬᠡᠯᠡᠪᠡ᠃ ︽ᠵᠧᠩ ᠢᠦᠢ︾ ᠳᠤ ᠲᠡᠮᠳᠡᠭᠯᠡᠭᠰᠡᠨ ᠢᠶᠠᠷ᠂ ︽ᠵᠢᠶᠠᠩ᠂ ᠪᠦᠸᠧ ᠢ ᠶᠢᠨ ᠬᠤᠶᠢᠴᠢ︾᠂ ᠰᠢᠦᠢ | ᠤᠯᠤᠰ ᠲᠤ ᠠᠮᠢᠳᠤᠷᠠᠵᠤ ᠪᠠᠶᠢᠭᠰᠠᠨ ᠪᠦᠸᠧ ᠢ ᠶᠢᠨ ᠬᠤᠶᠢᠴᠢ ᠵᠢᠶᠠᠩ ᠣᠪᠣᠭᠲᠤ ᠶᠢᠨ ᠤᠭᠰᠠᠭ᠎ᠠ ᠶᠢᠨ ᠬᠢᠨ ᠥᠪᠡᠷ ᠤᠨ ᠳᠡᠭᠡᠳᠦᠰ ᠪᠤᠯᠬᠤ ᠪᠦᠸᠧ ᠢ ᠶᠢ | ᠲᠠᠭᠢᠬᠤ ᠶᠢᠨ ᠲᠤᠯᠠᠳᠠ ᠬᠦᠴᠢᠷ ᠪᠡᠷᠬᠡᠰᠢᠶᠡᠯ ᠢ ᠬᠠᠶᠢᠬᠤᠷᠤᠯ ᠦᠭᠡᠢ ᠪᠠᠷ ᠰᠢᠦᠢ ᠤᠯᠤᠰ ᠤᠨ ᠬᠦᠷᠡᠯ ᠰᠠᠪᠠ᠂ ᠬᠤᠨᠳᠠᠭ᠎ᠠ᠂ ᠳᠥᠷᠪᠡᠯᠵᠢᠨ ᠭᠦᠯᠢᠰ ᠵᠡᠷᠭᠡ ᠤᠯᠠᠨ | ᠶᠣᠰᠣᠯᠠᠯ ᠤᠨ ᠬᠡᠷᠡᠭᠰᠡᠯ ᠢ ᠠᠪᠴᠤ᠂ ᠤᠮᠠᠷᠠᠲᠤ ᠶᠢᠨ ᠴᠤᠤ ᠶᠠᠩ᠂ ᠤᠯᠠᠭᠠᠨᠬᠠᠳᠠ ᠶᠢᠨ ᠱᠧᠦ ᠶᠠᠩ ᠱᠠᠨ ᠠᠭᠤᠯᠠᠨ᠎ᠠ ᠬᠦᠷᠴᠦ᠂ ᠳ᠋ᠦᠩᠬᠤ ᠶᠢᠨ ᠠᠬᠠᠯᠠᠭᠴᠢ ᠳᠤ | ᠬᠠᠯᠠᠭᠤᠨ ᠢᠶᠠᠷ ᠵᠣᠴᠢᠯᠠᠭᠳᠠᠵᠠᠢ᠃ ᠲᠠᠭᠢᠯᠭ᠎ᠠ ᠳᠠᠭᠤᠰᠤᠭᠰᠠᠨ ᠤ ᠲᠠᠷᠠᠭ᠎ᠠ᠂ ᠳ᠋ᠦᠩᠬᠤ ᠶᠢᠨ ᠠᠬᠠᠯᠠᠭᠴᠢ ᠳᠤ ᠲᠠᠯᠠᠷᠬᠠᠯ ᠢᠶᠠᠨ ᠢᠯᠡᠳᠬᠡᠵᠦ᠂ ᠪᠦᠸᠧ ᠢ ᠶᠢᠨ ᠬᠤᠶᠢᠴᠢᠰ | ᠡᠳᠡᠭᠡᠷ ᠶᠣᠰᠣᠯᠠᠯ ᠤᠨ ᠰᠠᠪᠠ ᠬᠡᠷᠡᠭᠰᠡᠯ ᠢ ᠳᠤᠷᠠᠰᠬᠠᠯ ᠪᠣᠯᠭᠠᠨ ᠦᠯᠡᠳᠡᠭᠡᠨ ᠥᠭᠴᠡᠢ᠃ ᠬᠡᠳᠦᠨ ᠵᠠᠭᠤᠨ ᠵᠢᠯ ᠤᠨ ᠳᠠᠷᠠᠭ᠎ᠠ᠂ ᠰᠢᠦᠢ ᠤᠯᠤᠰ ᠤᠨ ᠬᠦᠷᠡᠯ ᠰᠠᠪᠠ᠂ | ᠬᠤᠨᠳᠠᠭ᠎ᠠ᠂ ᠳᠥᠷᠪᠡᠯᠵᠢᠨ ᠭᠦᠯᠢᠰ ᠵᠡᠷᠭᠡ ᠨᠢ ᠣᠷᠣᠰᠢᠭᠤᠯᠭ᠎ᠠ ᠶᠢᠨ ᠡᠳ᠋ ᠤᠨ ᠬᠤᠪᠢ ᠪᠠᠷ ᠳ᠋ᠦᠩᠬᠤ ᠶᠢᠨ ᠢᠵᠠᠭᠤᠷᠲᠠᠨ ᠤ ᠪᠤᠯᠠᠰᠢᠨ ᠳᠤ ᠣᠷᠤᠰᠢᠭᠤᠯᠤᠭᠳᠠᠵᠠᠢ᠃ | ᠮᠠᠲ᠋ᠧᠷᠢᠶᠠᠯ ᠤᠷᠪᠠᠭᠤᠯᠪᠠᠯ᠂ ᠮᠠᠨ ᠤ ᠤᠯᠤᠰ ᠲᠤ ᠱᠧᠦ ᠶᠠᠩ ᠱᠠᠨ ᠭᠡᠳᠡᠭ ᠨᠡᠷ᠎ᠡ ᠲᠠᠢ ᠭᠠᠵᠠᠷ ᠣᠯᠠᠨ ᠪᠤᠢ᠂ ᠣᠯᠠᠩᠬᠢ ᠬᠥᠮᠥᠰ ᠤᠨ ᠦᠵᠡᠬᠦ ᠪᠠᠷ ᠪᠦᠸᠧ ᠢ᠂ | ᠱᠦ ᠴᠢ ᠶᠢᠨ ᠠᠮᠢᠳᠤᠷᠠᠵᠤ ᠪᠠᠶᠢᠭᠰᠠᠨ ᠱᠧᠦ ᠶᠠᠩ ᠱᠠᠨ ᠨᠢ ᠣᠳᠣ ᠶᠢᠨ ᠭᠠᠨᠰᠤ ᠮᠤᠵᠢ ᠶᠢᠨ ᠸᠧᠢ ᠶᠤᠸᠠᠨ ᠳᠤ ᠪᠤᠢ᠃ ᠭᠡᠪᠡᠴᠦ ᠣᠷᠴᠢᠮᠬᠠᠨ ᠪᠦᠸᠧ ᠢ᠂ ᠱᠦ bt365备用网址_365国际体育官网_365bet体育在线投注官网 | ᠴᠢ ᠶᠢᠨ ᠠᠮᠢᠳᠤᠷᠠᠵᠤ ᠪᠠᠶᠢᠭᠰᠠᠨ ᠱᠧᠦ ᠶᠠᠩ ᠱᠠᠨ ᠨᠢ ᠤᠳᠤ ᠶᠢᠨ ᠯᠢᠶᠣᠤᠨᠢᠩ ᠮᠤᠵᠢ ᠶᠢᠨ ᠴᠤᠤ ᠶᠠᠩ ᠪᠤᠶᠤ ᠤᠯᠠᠭᠠᠨᠬᠠᠳᠠ ᠣᠷᠴᠢᠮ ᠪᠤᠢ ᠭᠡᠳᠡᠭ ᠰᠢᠨ᠎ᠡ | ᠨᠤᠲᠠᠯᠠᠯᠲᠠ ᠢᠯᠡᠷᠡᠵᠡᠢ᠃ ᠰᠢᠶᠠᠩ ᠴᠦᠨ ᠰᠥᠩ ᠡᠨᠡ ᠨᠤᠲᠠᠯᠠᠯᠲᠠ ᠶᠢ ᠵᠥᠪᠰᠢᠶᠡᠵᠦ ᠪᠠᠶᠢᠬᠤ ᠮᠥᠷᠲᠡᠭᠡᠨ ︽ᠡᠩ ᠲᠡᠷᠢᠭᠦᠨ ᠳᠤ ᠪᠦᠸᠧ ᠢ᠂ ᠱᠦ ᠴᠢ ᠵᠧᠦ | ᠤᠯᠤᠰ ᠲᠤ ᠬᠦᠴᠦ ᠪᠠᠨ ᠡᠷᠭᠦᠭᠦ ᠳᠤᠷ᠎ᠠ ᠦᠭᠡᠢ᠂ ᠵᠧᠦ ᠦ᠋ ᠸᠠᠩ ᠠᠴᠠ ᠵᠠᠶᠢᠯᠠᠰᠬᠢᠬᠦ ᠶᠢᠨ ᠲᠤᠯᠠᠳᠠ ᠬᠤᠯᠠ ᠶᠠᠪᠤᠬᠤ ᠨᠢ ᠯᠠᠪᠲᠠᠢ᠃ ᠡᠭᠦᠨ ᠠᠴᠠ ᠭᠠᠳᠠᠨ᠎ᠠ᠂ ᠴᠤᠤ | ᠶᠠᠩ᠂ ᠤᠯᠠᠭᠠᠨᠬᠠᠳᠠ ᠵᠡᠷᠭᠡ ᠭᠠᠵᠠᠷ ᠤᠳ ᠢᠶᠠᠷ ᠤᠷᠭᠤᠳᠠᠭ ᠣᠶᠢᠮ᠎ᠠ ᠨᠣᠭᠤᠭ᠎ᠠ ᠨᠢ ᠪᠦᠸᠧ ᠢ᠂ ᠱᠦ ᠴᠢ ᠶᠢᠨ ᠱᠧᠦ ᠶᠠᠩ ᠱᠠᠨ ᠠᠭᠤᠯᠠᠨ ᠳᠤ ᠢᠳᠡᠰᠢ ᠪᠤᠯᠭᠠᠵᠤ | ᠪᠠᠶᠢᠭᠰᠠᠨ ᠬᠡᠭᠡᠷ᠎ᠡ ᠶᠢᠨ ᠨᠣᠭᠤᠭ᠎ᠠ ᠪᠣᠯᠣᠨ᠎ᠠ︾ ᠭᠡᠳᠡᠭ ᠦᠨᠳᠦᠰᠦᠯᠡᠯ ᠬᠠᠩᠭᠠᠪᠠ᠃ | ᠰᠢᠶᠠᠩ ᠴᠦᠨ ᠰᠥᠩ ᠭᠡᠯᠡᠭᠦ ᠪᠠᠷ᠂ ᠰᠢᠦᠢ ᠤᠯᠤᠰ ᠤᠨ ᠬᠦᠷᠡᠯ ᠰᠠᠪᠠ ᠪᠣᠯ ᠮᠠᠨ ᠤ ᠤᠯᠤᠰ ᠤᠨ ᠡᠷᠲᠡᠨ ᠤ ᠦᠶ᠎ᠡ ᠳᠤ ᠦᠨᠳᠦᠰᠦᠲᠡᠨ ᠢᠯᠡᠷᠡᠭᠰᠡᠨ ᠤ | ᠳᠠᠷᠠᠭᠠᠬᠢ ᠵᠦᠩᠶᠤᠸᠠᠨ ᠣᠷᠣᠨ ᠪᠣᠯᠣᠨ ᠤᠮᠠᠷᠠᠲᠤ ᠣᠷᠣᠨ ᠤ ᠰᠣᠯᠢᠯᠴᠠᠭᠠᠨ ᠤ ᠲᠡᠦᠬᠡᠨ ᠭᠡᠷᠡᠴᠢ ᠪᠣᠯᠣᠨ᠎ᠠ᠃ | | |