— ᠺᠤᠮᠫᠢᠦ᠋ᠲ᠋ᠧᠷ ᠬᠥᠭᠵᠢᠮ ᠤᠨ ᠵᠤᠬᠢᠶᠠᠯᠴᠢ ᠲ᠊ · ᠠᠯᠳᠠᠨᠪᠠᠭᠠᠨ᠎ᠠ ᠶᠢᠨ ᠲᠤᠬᠠᠢ ᠰᠤᠷᠪᠤᠯᠵᠢᠯᠠᠭ᠎ᠠ | | | | | — ᠤᠷᠠᠯᠢᠭᠴᠢᠨ ᠬᠥᠮᠤᠨ ᠠᠮᠢᠳᠤᠷᠠᠯ ᠲᠠᠢ ᠪᠠᠨ ᠢᠯᠡᠬᠦᠬᠡᠨ ᠤᠢᠢᠷᠠᠳᠴᠤ᠂ ᠥᠨᠳᠤᠰᠤᠳᠡᠨ ᠤ ᠰᠤᠶᠤᠯ ᠢᠶᠠᠨ ᠤᠢᠢᠯᠠᠭᠠᠵᠥ᠂ ᠬᠠᠶᠢᠷᠠᠯᠠᠵᠥ᠂ | ᠲᠡᠬᠡᠳᠤᠯᠡᠵᠥ ᠶᠠᠪᠤᠪᠠᠯ ᠵᠤᠬᠢᠶᠠᠨ ᠪᠥᠳᠥᠬᠡᠬᠦ ᠮᠡᠳᠡᠷᠡᠮᠵᠢ ᠥᠪᠡᠷ ᠢᠶᠠᠨ ᠤᠨᠳᠤᠷᠳᠠᠭ᠃ | — ᠵᠤᠬᠢᠶᠠᠯ ᠤᠨ ᠲᠠᠭᠤᠤ ᠬᠥᠭᠵᠢᠮ ᠪᠤᠯ ᠴᠠᠭ ᠥᠶ᠎ᠠ ᠶᠢᠨ ᠲᠡᠮᠳᠡᠭᠯᠡᠯ᠂ ᠲᠡᠷᠡ ᠨᠢ ᠬᠤᠵᠢᠮ ᠳᠠᠭᠠᠨ ᠴᠠᠭ ᠥᠶ᠎ᠡ ᠠᠴᠠ ᠬᠤᠴᠤᠷᠴᠤ ᠮᠠᠭᠠᠳ᠂ | ᠡᠰᠡᠬᠦᠯ᠎ᠡ ᠴᠠᠭ ᠥᠶ᠎ᠠ ᠪᠠᠨ ᠲᠠᠭᠠᠵᠥ ᠠᠮᠢᠯᠠᠨ ᠬᠥᠭᠵᠢᠬᠦ ᠴᠤ ᠮᠠᠭᠠᠳ᠃ ᠡᠶᠢᠮᠥ ᠠᠴᠠ ᠮᠢᠨᠥ ᠪᠥᠳᠥᠬᠡᠯ ᠤᠳ ᠴᠤ ᠠᠳᠠᠯᠢᠬᠠᠨ᠂ ᠪᠢ ᠥᠪᠡᠷ ᠤᠨ ᠵᠤᠬᠢᠶᠠᠭᠰᠠᠨ | ᠪᠥᠳᠥᠬᠡᠯ ᠢᠶᠠᠨ ᠴᠠᠭ ᠥᠶ᠎ᠡ ᠳᠡᠭᠡᠨ ᠲᠤᠯᠢᠯᠠᠭᠤᠯᠵᠥ ᠪᠠᠶᠢᠬᠤ ᠨᠢ ᠡᠨᠡ ᠶᠤᠮ᠃ | | ᠡᠨᠡ ᠪᠤᠯ ᠠᠯᠳᠠᠨᠪᠠᠭᠠᠨ᠎ᠠ ᠶᠢᠨ ᠤᠷᠠᠨ ᠪᠥᠳᠥᠬᠡᠯ ᠬᠢᠭᠰᠡᠡ ᠮᠡᠳᠡᠷᠡᠮᠵᠢ᠂ ᠤᠢᠢᠯᠠᠭᠠᠯᠳᠡ ᠪᠤᠯᠤᠨ᠎ᠠ᠃ | ᠵᠠᠯᠠᠭᠤ ᠤᠷᠠᠨ ᠪᠥᠳᠥᠬᠡᠯᠴᠢ ᠠᠯᠳᠠᠨᠪᠠᠭᠠᠨ᠎ᠠ ᠪᠤᠯ ᠺᠤᠮᠫᠢᠥ᠋ᠲ᠋ᠧᠷ ᠬᠥᠭᠵᠢᠮ ᠤᠨ ᠵᠤᠬᠢᠶᠠᠭᠴᠢ᠂ ᠤᠯᠤᠰ ᠤᠨ ᠭᠤᠷᠪᠠᠳᠤᠭᠠᠷ ᠲᠡᠰ ᠤᠨ ᠬᠥᠭᠵᠢᠮ ᠤᠨ | ᠵᠤᠬᠢᠶᠠᠭᠴᠢ ᠶᠤᠮ᠃ ᠥᠥᠰᠢᠨ ᠬᠤᠰᠢᠭᠤᠨ ᠤ ᠰᠥᠯᠳᠡ ᠰᠤᠮᠤᠨ ᠤ ᠲᠠᠯ᠎ᠠ ᠶᠢᠨ ᠤᠰᠤ ᠭᠠᠴᠠᠭᠠᠠ ᠤ ᠤᠤᠭᠠᠯ᠃ ᠳᠡᠷᠡ ᠬᠠᠷᠠᠬᠠᠨ ᠪᠠᠭ᠎ᠠ ᠠᠴᠠ ᠪᠠᠨ ᠲᠠᠭᠤᠤ | ᠬᠥᠭᠵᠢᠮ ᠳᠤ ᠪᠠᠬ᠎ᠠ ᠲᠠᠢ ᠤᠴᠢᠷ ᠠᠴᠠ ᠨᠤᠳᠤᠭ ᠤᠨ ᠥᠶ ᠤᠯᠠᠨ ᠬᠥᠭᠵᠢᠮᠴᠢᠨ ᠨᠠᠶᠢᠷᠴᠢᠨ ᠤ ᠲᠠᠭᠤᠤ ᠬᠥᠭᠵᠢᠮ ᠲᠡᠬᠦᠨ ᠤ ᠤᠢ ᠲᠠᠷᠢᠬᠢᠨ ᠳᠤ ᠬᠤᠨᠤᠭᠰᠢᠨ᠂ | ᠨᠠᠶᠢᠷ ᠲᠠᠭᠤᠨ ᠤ ᠢᠷᠠᠭᠤᠬᠠᠨ ᠪᠥᠪᠡᠢ ᠳᠤ ᠥᠰᠥᠨ ᠪᠤᠶᠢᠵᠢᠵᠥ᠂ ᠥᠪᠡᠷ ᠤᠨ ᠬᠡᠰᠡᠨ ᠤᠨᠴᠠᠯᠢᠭᠳᠤ ᠬᠡᠪ ᠨᠠᠮᠪᠠ ᠪᠠᠷ ᠢᠶᠠᠨ ᠤᠷᠠᠯᠢᠭ ᠤᠨ ᠠᠯᠳᠠᠨ ᠬᠠᠷᠭᠤᠢ ᠪᠠᠷ | ᠬᠢᠯᠠᠷᠠᠭᠤᠯᠵᠥ ᠶᠠᠪᠤᠨ᠎ᠠ᠃ | ᠠᠯᠳᠠᠨᠪᠠᠭᠠᠨ᠎ᠠ 1996 ᠤᠨ ᠠᠴᠠ ᠤᠷᠠᠯᠢᠭ ᠤᠨ ᠠᠶᠠᠨ ᠢᠶᠠᠨ ᠡᠯᠬᠦᠨ ᠥᠥᠰᠢᠨ ᠬᠤᠰᠢᠭᠤᠨ ᠤ ᠤᠯᠠᠭᠠᠨᠮᠥ᠋ᠴᠢᠷ ᠤᠨ ᠪᠥᠵᠢᠭᠴᠢᠨ ᠤ ᠪᠤᠯᠪᠠᠰᠤᠷᠠᠯ ᠤᠨ | ᠠᠩᠬᠢ ᠳᠤ ᠤᠷᠤᠵᠥ᠂ ᠪᠤᠭᠤᠳᠤ ᠶᠢᠨ ᠨᠢᠬᠡᠨ ᠤᠷᠠᠯᠢᠭ ᠤᠨ ᠪᠥᠯᠬᠦᠮ ᠳᠤ 1 ᠵᠢᠯ ᠬᠢᠷᠢᠳᠠᠢ ᠪᠥᠵᠢᠭ ᠤᠨ ᠪᠤᠯᠪᠠᠰᠤᠷᠠᠯ ᠬᠢᠵᠠᠢ᠃ ᠲᠡᠬᠡᠬᠡᠳ ᠨᠤᠳᠤᠭ ᠲᠠᠭᠠᠨ | ᠬᠠᠷᠢᠵᠥ ᠡᠷᠳᠡᠨᠢ ᠪᠠᠭᠰᠢ ᠠᠴᠠ ᠮᠤᠷᠢᠨ ᠬᠤᠭᠤᠷ ᠰᠤᠷᠴᠤ ᠪᠠᠶᠢᠭᠠᠳ 1998 ᠤᠨ ᠳᠤ ᠥᠪᠥᠷ ᠮᠤᠩᠭᠤᠯ ᠤᠨ ᠤᠷᠠᠯᠢᠭ ᠤᠨ ᠲᠡᠬᠡᠳᠤ ᠰᠤᠷᠭᠠᠭᠤᠯᠢ ᠳᠤ | ᠰᠢᠯᠭᠠᠭᠰᠠᠨ ᠳᠤ ᠪᠤᠯᠪᠠᠰᠤᠷᠠᠯ ᠲᠤᠳᠠᠭᠤᠳᠠᠭᠰᠠᠨ ᠠᠴᠠ ᠡᠯᠰᠡᠭᠳᠡᠭᠰᠡᠨ ᠥᠬᠡᠢ᠃ ᠠᠯᠳᠠᠨᠪᠠᠭᠠᠨ᠎ᠠ ᠡᠬᠦᠨ ᠠᠴᠠ ᠪᠤᠯᠵᠥ ᠵᠤᠷᠢᠭ ᠮᠤᠬᠤᠭ᠎ᠠ ᠥᠬᠡᠢ᠂ ᠲᠠᠬᠢᠨ | ᠬᠥᠬᠡᠬᠤᠳᠠ ᠳᠠᠬᠢ ᠴᠡᠷᠢᠭ ᠴᠠᠭᠳᠠᠭᠠᠨ ᠤ ᠤᠷᠠᠯᠢᠭ ᠤᠨ ᠰᠤᠷᠭᠠᠭᠤᠯᠢ ᠳᠤ ᠭᠤᠷᠪᠠᠨ ᠵᠢᠯ ᠰᠤᠷᠤᠯᠴᠠᠭᠠᠳ ᠥᠪᠥᠷ ᠮᠤᠩᠭᠤᠯ ᠤᠨ ᠥᠨᠳᠤᠰᠤᠳᠡᠨ ᠤ ᠶᠡᠭᠡ | ᠰᠤᠷᠭᠠᠭᠤᠯᠢ ᠳᠤ ᠰᠢᠯᠭᠠᠭᠳᠠᠨ ᠤᠷᠤᠵᠥ᠂ 4 ᠵᠢᠯ ᠲᠠᠭᠤᠯᠠᠬᠤᠢ ᠶᠢᠨ ᠮᠡᠷᠬᠡᠵᠢᠯ ᠢ ᠰᠤᠷᠤᠯᠴᠠᠪᠠ᠃ ᠠᠯᠳᠠᠠᠪᠠᠭᠠᠨ᠎ᠠ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠬᠤ | ᠬᠤᠭᠤᠴᠠᠭᠠᠨ ᠳᠠᠭᠠᠨ ᠨᠠᠶᠢᠵᠠ ᠨᠠᠷ ᠲᠠᠢ ᠪᠠᠨ ︽ᠬᠡᠳᠡ︾ ᠬᠠᠮᠳᠤᠯᠢᠭ ᠢ ᠡᠬᠦᠰᠬᠡᠡ ᠪᠠᠶᠢᠭᠤᠯᠵᠦ᠂ ᠬᠠᠮᠳᠤᠯᠢᠭ ᠤᠨ ᠺᠢᠲ᠋ᠠᠷᠴᠢᠨ᠂ ᠲᠠᠭᠤᠨ ᠤ ᠠᠶ᠎ᠠ | ᠵᠤᠬᠢᠶᠠᠭᠴᠢ ᠶᠢᠨ ᠠᠵᠢᠯ ᠢ ᠡᠬᠦᠷᠬᠡᠯᠡᠵᠥ᠂ ᠥᠪᠥᠷ ᠮᠤᠩᠭᠤᠯ ᠤᠨ ᠵᠡᠬᠦᠨ ᠤᠷᠤᠨ ᠤ ᠡᠯ᠎ᠡ ᠭᠠᠵᠠᠷ ᠢᠶᠠᠷ ᠥᠷᠬᠦᠯᠵᠢ ᠲᠤᠭᠯᠠᠯᠳᠡ ᠭᠠᠷᠭᠠᠳᠠᠭ ᠪᠠᠶᠢᠵᠠᠢ᠃ ᠡᠨᠡ ᠬᠦ | ᠬᠠᠮᠳᠤᠯᠢᠭ ᠨᠢ ᠮᠥᠨ ᠴᠤ ᠲᠤᠬᠠᠢ ᠶᠢᠨ ᠥᠶ᠎ᠡ ᠶᠢᠨ ᠥᠪᠥᠷ ᠮᠤᠩᠭᠤᠯ ᠤᠨ ᠵᠡᠬᠦᠨ ᠤᠷᠤᠨ ᠳᠠᠬᠢ ᠬᠠᠮᠤᠭ ᠠᠩᠬᠠᠨ ᠤ ᠮᠤᠩᠭᠤᠯ ᠷᠤᠺ ᠬᠠᠮᠳᠤᠯᠢᠭ ᠤᠨ ᠨᠢᠬᠡ | ᠪᠤᠯᠬᠤ ᠶᠤᠮ᠃ | ᠠᠯᠳᠠᠨᠪᠠᠭᠠᠨ᠎ᠠ ᠠᠯᠢ ᠡᠷᠳᠡ ᠠᠴᠠ ᠠᠶ᠎ᠡ ᠵᠤᠬᠢᠶᠠᠬᠤ ᠶᠢ ᠤᠷᠤᠯᠳᠤᠵᠥ ᠡᠬᠢᠯᠡᠵᠠᠢ᠃ 1998 ᠤᠨ ᠳᠤ ᠬᠠᠮᠤᠭ ᠠᠩᠬᠠᠨ ᠤ ᠤᠷᠠᠨ ᠪᠥᠳᠥᠬᠡᠯ ︽ᠲᠤᠷᠠᠯᠠᠯ︾ | ᠬᠡᠬᠦ ᠲᠠᠭᠤᠤ ᠪᠠᠨ ᠺᠢᠲ᠋ᠠᠷ ᠲᠤᠭᠯᠠᠵᠥ ᠪᠠᠶᠢᠭᠠᠳ ᠵᠤᠬᠢᠶᠠᠭᠰᠠᠨ ᠬᠡᠳᠡᠭ᠃ ᠰᠡᠬᠦᠯᠡᠷ ᠨᠢ ᠶᠡᠭᠡ ᠰᠤᠷᠭᠠᠭᠤᠯᠢ ᠳᠤ ᠥᠪᠡᠷ ᠢᠶᠠᠨ ᠬᠠᠮᠳᠤᠯᠢᠭ ᠪᠠᠶᠢᠭᠤᠯᠤᠭᠰᠠᠨ ᠠᠴᠠ | ᠤᠷᠠᠨ ᠪᠥᠳᠥᠬᠡᠯ ᠴᠢᠬᠤᠯᠠ ᠲᠠᠢ ᠪᠠᠶᠢᠵᠥ᠂ ︽ᠡᠵᠢ ᠮᠢᠨᠢ︾ ᠵᠡᠷᠬᠡ ᠤᠯᠠᠨ ᠰᠠᠶᠢᠬᠠᠨ ᠠᠶ᠎ᠠ ᠲᠠᠭᠤᠤ ᠨᠤᠭᠤᠳ ᠢ ᠵᠤᠬᠢᠶᠠᠵᠥ ᠲᠠᠭᠤᠯᠠᠭᠰᠠᠨ ᠪᠠᠶᠢᠨ᠎ᠠ᠃ ᠲᠡᠷᠡ | ᠤᠶᠤᠳᠠᠨ ᠪᠠᠶᠢᠬᠤ ᠳᠠᠭᠠᠨ ᠲᠠᠭᠤᠯᠬᠠᠤ ᠮᠡᠷᠬᠡᠵᠢᠯ ᠰᠤᠷᠴᠤ ᠪᠠᠶᠢᠭᠰᠠᠨ ᠴᠤ ᠠᠶ᠎ᠠ ᠵᠤᠬᠢᠶᠠᠬᠤ ᠲᠠᠯ᠎ᠠ ᠪᠠᠷ ᠮᠠᠰᠢ ᠪᠠᠬ᠎ᠠ ᠲᠠᠢ᠃ ᠶᠡᠭᠡ ᠰᠤᠷᠭᠠᠭᠤᠯᠢ ᠳᠤ ᠲᠠᠭᠤᠤ | ᠬᠥᠭᠵᠢᠮ ᠤᠨ ᠤᠨᠤᠯ ᠤᠨ ᠬᠢᠴᠢᠶᠡᠯ ᠵᠡᠷᠬᠡ ᠰᠠᠭᠤᠷᠢ ᠮᠡᠳᠡᠯᠬᠡ ᠶᠢᠨ ᠬᠢᠴᠢᠶᠡᠯ ᠢ ᠴᠥᠮ ᠰᠤᠷᠳᠠᠭ ᠳᠤᠯᠠ ᠠᠶ᠎ᠠ ᠵᠤᠬᠢᠶᠠᠬᠤ ᠶᠢ ᠥᠪᠡᠷ ᠢᠶᠠᠨ ᠰᠤᠷᠴᠤ ᠡᠬᠢᠯᠡᠵᠠᠢ᠃ | ᠲᠡᠬᠦᠨ ᠤ ᠲᠠᠭᠤᠯᠠᠬᠤᠢ ᠶᠢᠨ ᠲᠤᠰᠬᠠᠢ ᠮᠡᠷᠬᠡᠵᠢᠯ ᠤᠨ ᠪᠠᠭᠰᠢ ᠨᠢ ᠠᠶ᠎ᠠ ᠵᠤᠬᠢᠶᠠᠳᠠᠭ ᠪᠠᠶᠢᠭᠰᠠᠨ ᠪᠤᠯᠬᠤᠷ ᠲᠡᠷᠡ ᠪᠠᠭᠰᠢ ᠠᠴᠠ ᠪᠠᠨ ᠰᠤᠷᠬᠤ ᠪᠤᠶᠤ ᠪᠤᠰᠤᠳ ᠠᠶ᠎ᠠ | ᠵᠤᠬᠢᠶᠠᠳᠠᠭ ᠪᠠᠭᠰᠢ ᠨᠠᠷ ᠢ ᠴᠤ ᠡᠷᠢᠵᠥ ᠵᠢᠭᠠᠯᠭᠠᠳᠠᠭ ᠪᠠᠶᠢᠪᠠ᠃ ᠶᠡᠭᠡ ᠰᠤᠷᠭᠠᠭᠤᠯᠢ ᠪᠠᠨ ᠲᠡᠬᠦᠰᠬᠡᠬᠡᠳ ᠠᠯᠳᠠᠨᠪᠠᠭᠠᠨ᠎ᠠ ᠬᠥᠭᠵᠢᠮ ᠤᠨ ᠵᠤᠬᠢᠶᠠᠯ ᠤᠨ ᠲᠤᠷ᠎ᠠ | ᠪᠠᠬ᠎ᠠ ᠳᠠᠭᠠᠨ ᠬᠥᠳᠥᠯᠥᠭᠳᠡᠨ ᠠᠶ᠎ᠠ ᠵᠤᠬᠢᠶᠠᠬᠤ ᠮᠡᠷᠬᠡᠵᠢᠯ ᠢ ᠥᠷᠬᠦᠯᠵᠢᠯᠡᠨ ᠬᠥᠨᠵᠡᠬᠡᠢ ᠰᠤᠷᠤᠯᠴᠠᠬᠤ ᠪᠠᠷ ᠺᠤᠷᠢᠶᠠ ᠤᠯᠤᠰ ᠤᠨ ᠭᠠᠳᠠᠭᠠᠳᠤ ᠬᠡᠯᠡᠨ ᠤ | ᠰᠤᠷᠭᠠᠭᠤᠯᠢ ᠳᠤ 1 ᠵᠢᠯ ᠬᠢᠷᠢᠳᠠᠢ ᠰᠤᠯᠤᠩᠭᠤᠰ ᠬᠡᠯᠡ ᠰᠤᠷᠤᠯᠴᠠᠭᠠᠳ 2008 ᠤᠨ ᠳᠤ ᠺᠤᠷᠢᠶᠠ ᠤᠯᠤᠰ ᠤᠨ ᠹᠥᠰᠡᠨ ᠤᠯᠤᠰ ᠤᠨ ᠶᠡᠭᠡ ᠰᠤᠷᠭᠠᠭᠤᠯᠢ ᠶᠢᠨ | ᠲᠠᠭᠤᠤ ᠬᠥᠭᠵᠢᠮ ᠤᠨ ᠲᠡᠬᠡᠳᠤ ᠰᠤᠷᠭᠠᠭᠤᠯᠢ ᠳᠤ ᠺᠤᠮᠫᠢᠥ᠋ᠲ᠋ᠧᠷ ᠬᠥᠭᠵᠢᠮ ᠤᠨ ᠵᠤᠬᠢᠶᠠᠯ ᠤᠨ ᠮᠡᠷᠬᠡᠵᠢᠯ ᠪᠠ ᠺᠢᠨᠣ᠋ ᠲᠧᠯᠸᠢᠰ ᠤᠨ ᠬᠥᠭᠵᠢᠮ ᠤᠨ ᠨᠠᠶᠢᠷᠠᠭᠤᠯᠭ᠎ᠠ | ᠵᠢᠴᠢ ᠲᠠᠭᠤᠨ ᠤ ᠳᠤᠤᠭᠠᠷᠤᠯᠳᠠ ᠶᠢᠨ ᠢᠨᠵᠧᠨᠧᠷ ᠤᠨ ᠮᠡᠷᠬᠡᠵᠢᠯ ᠢ ᠰᠤᠳᠤᠯᠤᠨ ᠰᠤᠷᠤᠯᠴᠠᠭᠰᠠᠨ ᠪᠠᠶᠢᠨ᠎ᠠ᠃ ︽ᠤᠤᠯ ᠳᠠᠭᠠᠨ ᠪᠢ ᠲᠥᠬᠦᠮᠬᠡᠨ ᠬᠥᠭᠵᠢᠮ ᠤᠨ | ᠨᠠᠶᠢᠷᠠᠭᠤᠯᠭ᠎ᠠ ᠶᠢᠨ ᠮᠡᠷᠬᠡᠵᠢᠯ ᠢ ᠰᠤᠷᠴᠤ ᠥᠡᠭᠭᠡᠷᠡᠪᠡ᠃ ᠲᠡᠨᠳᠡ ᠤᠴᠢᠭᠰᠠᠨ ᠤ ᠲᠠᠷᠠᠭ᠎ᠠ ᠺᠢᠨᠣ᠋ ᠲᠧᠯᠸᠢᠰ ᠤᠨ ᠬᠥᠭᠵᠢᠮ ᠤᠨ ᠨᠠᠶᠢᠷᠠᠭᠤᠯᠭ᠎ᠠ ᠶᠢ ᠰᠤᠷᠪᠠ᠃ | ᠤᠷᠴᠢᠨ ᠥᠶ᠎ᠠ ᠶᠢᠨ ᠲᠠᠭᠤᠤ ᠬᠥᠭᠵᠢᠮ ᠬᠡᠪᠡᠯ ᠮᠠᠨ ᠤ ᠡ᠊ᠨᠳᠡ ᠴᠠᠬᠢᠯᠭᠠᠨ ᠺᠢᠲ᠋ᠠᠷ᠂ ᠠᠷᠬᠢᠯ ᠺᠢᠲ᠋ᠠᠷ ᠵᠡᠷᠬᠡ ᠬᠥᠭᠵᠢᠮ ᠤᠨ ᠨᠠᠶᠢᠷᠠᠭᠤᠯᠭ᠎ᠠ ᠶᠢ ᠯᠠ ᠬᠡᠯᠡᠳᠡᠭ | ᠪᠠᠶᠢᠭᠰᠠᠨ ᠪᠤᠯ ᠲᠡᠯᠡᠬᠡᠢ ᠶᠢᠨ ᠳᠦᠪᠰᠢᠨ ᠳᠤ ᠬᠠᠷᠢᠨ ᠺᠢᠨᠣ᠋ ᠲᠧᠯᠸᠢᠰ ᠤᠨ ᠲᠤᠮᠤ ᠳᠡᠪᠢᠰᠭᠡᠷ ᠬᠥᠭᠵᠢᠮ ᠵᠡᠷᠬᠡ ᠶᠢ ᠴᠤ ᠪᠥᠷ ᠪᠠᠭᠳᠠᠭᠠᠳᠠᠭ᠃ ᠡᠬᠦᠨ ᠢ ᠪᠢᠳᠠ | ᠬᠥᠭᠵᠢᠮ ᠢᠶᠠᠷ ᠯᠠ ᠬᠥᠭᠵᠢᠮᠳᠡᠬᠦ ᠪᠢᠰᠢ᠂ ᠬᠠᠷᠢᠨ ᠠᠮᠢᠳᠤ ᠬᠥᠭᠵᠢᠮ ᠤᠨ ᠰᠠᠭᠤᠷᠢᠨ ᠲᠡᠬᠡᠷ᠎ᠡ ᠺᠤᠮᠫᠢᠥ᠋ᠲ᠋ᠧᠷ ᠢᠶᠠᠷ ᠬᠢᠵᠥ ᠪᠥᠳᠥᠬᠡᠳᠡᠭ ᠲᠠᠭᠤᠨ ᠤ | ᠳᠤᠤᠭᠠᠷᠤᠯᠳᠠ ᠶᠢᠨ ᠢᠨᠵᠧᠨᠧᠷ ᠤᠨ ᠮᠡᠷᠬᠡᠵᠢᠯ ᠢ ᠰᠤᠷᠴᠥ ᠪᠠᠶᠢᠭᠰᠠᠨ ᠶᠤᠮ︾ ᠬᠡᠵᠥ ᠠᠯᠳᠠᠨᠪᠠᠭᠠᠨ᠎ᠠ ᠺᠤᠷᠢᠶᠠ ᠳᠤ ᠰᠤᠷᠤᠯᠴᠠᠵᠥ ᠪᠠᠶᠢᠭᠰᠠᠨ ᠬᠥᠭᠵᠢᠮ ᠤᠨ bt365备用网址_365国际体育官网_365bet体育在线投注官网 | ᠮᠡᠷᠬᠡᠵᠢᠯ ᠢᠶᠠᠨ ᠲᠥᠬᠦᠮᠬᠡᠨ ᠲᠠᠨᠢᠯᠴᠠᠭᠤᠯᠪᠠ᠃ | ᠲᠡᠷᠡ ᠬᠥᠮᠤᠨ ᠤ ᠭᠠᠵᠠᠷ ᠬᠥᠨᠳᠡᠯᠡᠨ ᠤ ᠨᠤᠳᠤᠭ ᠲᠤ ᠰᠤᠷᠤᠯᠴᠠᠵᠥ ᠪᠠᠶᠢᠬᠤ ᠳᠠᠭᠠᠨ ᠰᠤᠷᠤᠯᠭ᠎ᠠ ᠶᠢᠨ ᠰᠦᠢᠳᠬᠡᠯ᠂ ᠠᠮᠢᠳᠤᠷᠠᠯ ᠤᠨ ᠵᠠᠷᠤᠳᠠᠯ ᠢᠶᠠᠨ | ᠤᠯᠬᠤ ᠶᠢᠨ ᠲᠥᠯᠥᠬᠡ ᠪᠠᠷᠢᠯᠭ᠎ᠠ ᠶᠢᠨ ᠭᠠᠵᠠᠷ᠂ ᠤᠡᠭᠭᠤᠴᠠᠨ ᠲᠤᠨᠤᠭ ᠲᠥᠬᠦᠬᠡᠷᠤᠮᠵᠢ ᠬᠢᠬᠦ ᠤᠢᠢᠯᠡᠳᠪᠤᠷᠢ᠂ ᠨᠢᠰᠬᠡᠯ ᠤᠨ ᠲᠤᠨᠤᠭ ᠲᠥᠬᠦᠬᠡᠷᠤᠮᠵᠢ ᠵᠠᠰᠠᠬᠤ | ᠤᠢᠢᠯᠡᠳᠪᠤᠷᠢ᠂ ᠱᠠᠬᠠᠢ ᠶᠢᠨ ᠤᠢᠢᠯᠡᠳᠪᠤᠷᠢ ᠵᠡᠷᠬᠡ ᠠᠷᠪᠢᠨ ᠭᠠᠵᠠᠷ ᠤᠳ ᠢᠶᠠᠷ ᠬᠥᠯᠥᠰᠤᠨ ᠠᠵᠢᠯ ᠬᠢᠵᠥ᠂ ᠭᠤᠷᠪᠠᠨ ᠡᠳᠤᠷ ᠭᠤᠷᠪᠠᠨ ᠰᠥᠨᠢ ᠠᠮᠠᠷᠠᠯ ᠥᠬᠡᠢ ᠪᠠᠷ | ᠠᠵᠢᠯᠯᠠᠭᠰᠠᠨ ᠤᠳᠠᠭ᠎ᠠ ᠴᠤ ᠪᠠᠶᠢᠭᠰᠠᠨ ᠬᠡᠨ᠎ᠠ᠃ ︽ᠴᠢᠷᠮᠠᠶᠢᠯᠭ᠎ᠠ ᠬᠥᠮᠤᠨ ᠢ ᠭᠤᠮᠤᠳᠠᠭᠠᠳᠠᠭ ᠥᠬᠡᠢ︾᠃ ᠠᠯᠳᠠᠨᠪᠠᠭᠠᠨ᠎ᠠ ᠲᠠᠰᠤᠷᠠᠯᠳᠡ ᠥᠬᠡᠢ ᠮᠡᠷᠡᠶᠢᠵᠥ | ᠲᠡᠮᠡᠤᠯᠥᠭᠰᠡᠨ ᠠᠴᠠ ᠰᠢᠯᠢᠳᠡᠭ ᠬᠢᠷᠢ ᠪᠥᠳᠤᠮᠵᠢ ᠪᠠᠷ ᠮᠠᠺᠰᠲ᠋ᠧᠷ ᠴᠤᠯᠠ ᠪᠠᠨ ᠬᠠᠮᠠᠭᠠᠯᠠᠵᠥ᠂ ︽ᠬᠡᠬᠡᠷ᠎ᠡ ᠶᠢᠨ ᠭᠠᠯᠠᠭᠤ ᠨᠢᠰᠥᠬᠡᠳ ᠬᠥᠷᠬᠦ ᠥᠬᠡᠢ ᠭᠠᠵᠠᠷ ᠠᠴᠠ | ᠬᠥᠮᠤᠨ ᠤ ᠬᠥᠥ ᠡᠷᠳᠡᠨᠢ ᠡᠪᠥᠷᠯᠡᠬᠡᠳ ᠪᠤᠴᠠᠨ᠎ᠠ︾ ᠬᠡᠳᠡᠭ ᠢᠶᠠᠷ ᠥᠯᠥᠬᠡᠢ ᠨᠤᠳᠤᠭ ᠲᠠᠭᠠᠨ ᠬᠠᠷᠢᠵᠥ ᠤᠷᠠᠯᠢᠭ ᠤᠨ ᠵᠠᠮ ᠢᠶᠠᠨ ᠥᠷᠬᠦᠯᠵᠢᠯᠡᠬᠦᠯᠪᠡ᠃ ᠲᠡᠷᠡ | 2012 ᠤᠨ ᠳᠤ ᠥᠥᠰᠢᠨ ᠬᠤᠰᠢᠭᠤᠨ ᠤ ᠤᠯᠠᠭᠠᠨᠮᠥ᠋ᠴᠢᠷ ᠲᠤ ᠠᠵᠢᠯᠯᠠᠵᠥ᠂ ᠠᠵᠢᠯ ᠤᠨ ᠴᠢᠯᠥᠬᠡ ᠪᠠᠷ ᠢᠶᠠᠨ ᠺᠤᠷᠢᠶᠠ᠂ ᠮᠤᠩᠭᠤᠯ ᠤᠯᠤᠰ ᠵᠡᠷᠬᠡ ᠤᠯᠤᠰ ᠢᠶᠠᠷ | ᠥᠷᠬᠦᠯᠵᠢ ᠰᠤᠷᠤᠯᠴᠠᠬᠤ ᠪᠠᠷ ᠤᠴᠢᠳᠠᠭ ᠪᠠᠶᠢᠨ᠎ᠠ᠃ 2017 ᠤᠨ ᠳᠤ ᠲᠠᠬᠢᠨ ᠥᠥᠰᠢᠨ ᠬᠤᠰᠢᠭᠤᠨ ᠤ ᠰᠤᠶᠤᠯ ᠤᠨ ᠤᠷᠳᠤᠨ ᠳᠤ ᠠᠵᠢᠯ ᠰᠢᠯᠵᠢᠪᠠ᠃ | ᠠᠯᠳᠠᠨᠪᠠᠭᠠᠨ᠎ᠠ ᠶᠢᠨ ᠨᠡᠶᠢᠳᠡᠯᠡᠭᠰᠡᠨ ᠲᠠᠭᠤᠤ ᠬᠥᠭᠵᠢᠮ ᠤᠨ ᠤᠷᠠᠨ ᠪᠥᠳᠥᠬᠡᠯ 40 ᠤᠷᠴᠢᠮ ᠪᠠᠶᠢᠵᠥ᠂ ᠨᠡᠶᠢᠳᠡᠯᠡᠭᠳᠡᠭᠡ ᠥᠬᠡᠢ ᠲᠠᠭᠤᠤ ᠬᠥᠭᠵᠢᠮ ᠤᠨ | ᠤᠷᠠᠨ ᠪᠥᠳᠥᠬᠡᠯ ᠴᠤ 200 ᠤᠷᠴᠢᠮ ᠪᠤᠢ᠃ ᠲᠡᠬᠦᠨ ᠤ ᠪᠢᠴᠢᠭᠰᠡᠡ ᠬᠡᠪᠯᠡᠬᠦᠯᠬᠦ ᠪᠠᠷ ᠪᠡᠯᠡᠳᠬᠡᠵᠥ ᠪᠠᠶᠢᠭ᠎ᠠ ᠰᠢᠯᠥᠭ ᠤᠨ ᠲᠡᠬᠦᠪᠤᠷᠢ ᠴᠤ 2 ᠲᠡᠪᠳᠡᠷ ᠪᠤᠢ᠃ | 2018 ᠤᠨ ᠳᠤ ᠲᠡᠷᠡ 14 ᠲᠠᠭᠤᠤ ᠪᠠᠷ ᠪᠥᠷᠢᠯᠳᠥᠭᠰᠡᠨ ︽ᠰᠠᠶᠢᠬᠠᠨ ᠮᠤᠩᠭᠤᠯ ᠨᠤᠳᠤᠭ︾ ᠬᠡᠬᠦ ᠪᠡᠶ᠎ᠡ ᠪᠠᠨ ᠲᠠᠭᠠᠭᠠᠭᠰᠠᠨ ᠴᠤᠮᠤᠭ ᠢᠶᠠᠨ ᠬᠢᠵᠥ᠂ ᠥᠬᠡ᠂ | ᠠᠶ᠎ᠠ ᠵᠤᠬᠢᠶᠠᠬᠤ ᠠᠴᠠ ᠲᠠᠭᠤᠯᠠᠬᠤ᠂ ᠬᠥᠭᠵᠢᠮ ᠨᠠᠶᠢᠷᠠᠭᠤᠯᠬᠤ ᠵᠡᠷᠬᠡ ᠪᠥᠬᠦ ᠠᠵᠢᠯ ᠢ ᠥᠪᠡᠷ ᠢᠶᠠᠨ ᠬᠢᠭᠰᠡᠨ ᠪᠠᠶᠢᠨ᠎ᠠ᠃ ︽ᠶᠡᠷᠤᠩᠬᠡᠢ ᠳᠡᠭᠡᠨ ᠲᠠᠭᠤᠤ ᠶᠢᠨ ᠥᠬᠡ᠂ | ᠠᠶ᠎ᠠ ᠶᠢ ᠪᠥᠷ ᠥᠪᠡᠷ ᠢᠶᠠᠨ ᠪᠢᠴᠢᠵᠥ᠂ ᠬᠥᠭᠵᠢᠮ ᠤᠨ ᠨᠠᠶᠢᠷᠠᠭᠤᠯᠭ᠎ᠠ ᠵᠡᠷᠬᠡ ᠶᠢ ᠴᠤ ᠥᠪᠡᠷ ᠢᠶᠠᠨ ᠬᠢᠳᠡᠭ᠃ ᠡᠶᠢᠮᠥ ᠠᠴᠠ ᠨᠢᠬᠡ ᠤᠷᠠᠨ ᠪᠥᠳᠥᠬᠡᠯ ᠢ ᠬᠢᠬᠦ ᠳᠤ | ᠨᠡᠯᠢᠶᠠᠳ ᠴᠠᠭ ᠵᠠᠷᠤᠴᠠᠭᠤᠯᠳᠠᠭ᠃ ᠮᠢᠨᠥ ᠪᠥᠳᠥᠬᠡᠯ ᠳᠤ ᠨᠤᠳᠤᠭ ᠤᠰᠤ᠂ ᠠᠪᠤ ᠡᠵᠢ᠂ ᠬᠠᠶᠢᠷ᠎ᠠ ᠲᠤᠷᠠᠯᠠᠯ ᠤᠨ ᠲᠤᠬᠠᠢ ᠤᠯᠠᠨ ᠬᠡᠯᠪᠡᠷᠢ ᠶᠢᠨ ᠲᠠᠭᠤᠤ ᠪᠥᠷ | ᠪᠠᠶᠢᠭ᠎ᠠ ᠶᠤᠮ᠃ ᠰᠡᠬᠦᠯᠴᠢ ᠶᠢᠨ ᠥᠶ᠎ᠡ ᠳᠤ ᠬᠥᠷᠴᠥ ᠢᠷᠡᠬᠡᠳ ᠲᠠᠭᠤᠨ ᠤ ᠥᠬᠡ᠂ ᠠᠶ᠎ᠠ ᠶᠢᠨ ᠲᠠᠯ᠎ᠠ ᠪᠠᠷ ᠡᠬᠡ ᠪᠠᠶᠢᠭᠠᠯᠢ ᠲᠠᠢ ᠪᠠᠨ ᠬᠤᠯᠪᠤᠭᠰᠠᠨ᠂ ᠬᠥᠨ | ᠰᠡᠳᠬᠢᠴᠡ ᠲᠠᠢ ᠲᠠᠭᠤᠤ ᠶᠢ ᠢᠯᠡᠬᠦᠥ ᠵᠤᠬᠢᠶᠠᠨ ᠪᠥᠳᠥᠬᠡᠵᠥ ᠶᠠᠪᠤᠵᠠᠢ᠃ ᠬᠡᠬᠦ ᠳᠡᠭᠡᠨ ᠨᠢᠬᠡᠨ ᠤᠷᠠᠨ ᠪᠥᠳᠥᠬᠡᠯᠴᠢ ᠪᠤᠯᠤᠭᠰᠠᠨ ᠤ ᠬᠤᠪᠢ ᠳᠤ ᠪᠢ ᠡᠷᠬᠡᠪᠰᠢ | ᠠᠷᠪᠢᠨ ᠰᠡᠳᠬᠢᠴᠡ ᠲᠠᠢ ᠪᠠᠶᠢᠬᠤ ᠬᠡᠷᠡᠭᠳᠡᠢ᠃ ᠭᠠᠭᠴᠠ ᠵᠦᠢᠯ ᠢ ᠲᠠᠭᠤᠯᠠᠭᠠᠳ ᠪᠠᠶᠢᠬᠤ ᠪᠢᠰᠢ᠂ ᠬᠠᠷᠢᠨ ᠠᠮᠢᠳᠤᠷᠠᠵᠥ ᠪᠠᠶᠢᠭ᠎ᠠ ᠬᠤᠷᠸ᠎ᠠ ᠳᠤ ᠪᠠᠶᠢᠳᠠᠭ ᠪᠥᠬᠦᠨ ᠢ | ᠲᠠᠭᠤᠯᠠᠵᠥ᠂ ᠠᠯᠢ ᠨᠢᠬᠡ ᠡᠳᠤᠷ ᠭᠠᠭᠴᠠ ᠴᠡᠴᠡᠭ ᠢ ᠴᠤ ᠲᠠᠭᠤᠯᠠᠵᠥ ᠥᠵᠡᠵᠥ ᠮᠠᠭᠠᠳ ᠥᠬᠡᠢ᠂ ᠰᠡᠳᠬᠢᠴᠡ ᠶᠢᠨ ᠲᠠᠯ᠎ᠠ ᠪᠠᠷ ᠪᠢ ᠠᠮᠢᠳᠤᠯᠢᠭ ᠪᠠᠶᠢᠬᠤ ᠶᠢ | ᠬᠥᠰᠡᠳᠡᠭ︾ ᠬᠡᠵᠥ ᠲᠡᠷᠡ ᠶᠥᠮᠦᠷᠯᠢᠭ ᠶᠠᠷᠢᠯ᠎ᠠ᠃ | ᠠᠯᠳᠠᠨᠪᠠᠭᠠᠨ᠎ᠠ ᠤᠷᠴᠢᠮᠬᠠᠨ ᠨᠠᠶᠢᠵᠠ ᠲᠠᠢ ᠪᠠᠨ ᠬᠠᠮᠳᠤᠷᠠᠨ ᠲᠠᠭᠤᠯᠠᠭᠰᠠᠨ ︽ᠠᠯᠳᠠᠨ ᠨᠠᠮᠤᠷ︾ ᠬᠡᠬᠦ ᠲᠠᠭᠤᠨ ᠤ MV ᠪᠢᠴᠢᠯᠬᠡ ᠪᠠᠨ ᠨᠡᠶᠢᠳᠡᠯᠡᠭᠰᠡᠨ | ᠪᠠᠶᠢᠯ᠎ᠠ᠃ ᠡᠨᠡ ᠲᠠᠭᠤᠤ ᠶᠢ ᠠᠩᠬ᠎ᠠ ᠵᠤᠬᠢᠶᠠᠨ ᠪᠥᠳᠥᠬᠡᠭᠰᠡᠨ ᠤ ᠲᠤᠬᠠᠢ ᠲᠡᠷᠡ ᠶᠠᠷᠢᠬᠤ ᠳᠠᠭᠠᠨ᠄ ︽2019 ᠤᠨ ᠤ ᠨᠠᠮᠤᠷ ᠮᠢᠨᠥ ᠨᠠᠶᠢᠵᠠ ᠰᠢᠨ᠎ᠠ ᠬᠡᠷᠡᠯ | ᠵᠢᠷᠤᠭ ᠤᠨ ᠮᠠᠰᠢᠨ ᠠᠪᠴᠢᠬᠠᠭᠰᠠᠨ ︿ᠬᠤᠶᠠᠭᠤᠯᠠ ᠪᠠᠨ ᠭᠠᠳᠠᠭᠤᠷ ᠨᠠᠮᠤᠷ ᠤᠨ ᠥᠡᠭᠭᠡᠨ ᠳᠤ ᠶᠠᠪᠤᠶ᠎ᠠ﹀ ᠬᠡᠵᠥ ᠨᠠᠮ᠎ᠠ ᠶᠢ ᠲᠠᠭᠤᠳᠠᠭᠰᠠᠨ ᠶᠤᠮ᠃ ᠢᠡᠭᠬᠢᠬᠡᠳ | ᠪᠢᠳᠠ ᠬᠤᠶᠠᠭᠤᠯᠠ ᠭᠠᠯᠠᠭᠤᠳᠤ᠂ ᠲᠤᠯᠢ ᠶᠢᠨ ᠴᠠᠶᠢᠳᠠᠮ ᠢᠶᠠᠷ ᠲᠤᠭᠤᠷᠢᠬᠤ ᠳᠤ ᠲᠡᠷᠡ ᠵᠢᠯ ᠤᠨ ᠨᠠᠮᠤᠷ ᠤᠨ ᠥᠵᠡᠮᠵᠢ ᠲᠤᠩ ᠭᠤᠶᠤ ᠪᠠᠶᠢᠭᠰᠠᠨ᠂ ᠪᠢ ᠴᠤ | ᠥᠪᠡᠷ ᠤᠨ ᠨᠤᠳᠤᠭ ᠢᠶᠠᠷ ᠢᠶᠠᠨ ᠶᠠᠪᠤᠵᠥ ᠨᠠᠮᠤᠷ ᠤᠨ ᠥᠡᠭᠭᠡ ᠳᠤ ᠰᠤᠭᠳᠤᠭᠤᠷᠠᠵᠤ᠂ ᠭᠠᠷ ᠤᠳᠠᠰᠤᠨ ᠳᠠᠭᠠᠨ ︿ᠠᠯᠳᠠᠨ ᠨᠠᠮᠤᠷ﹀ ᠬᠡᠰᠡᠨ ᠲᠠᠭᠤᠤ ᠶᠢ ᠭᠠᠭᠴᠠ | ᠪᠠᠳᠠᠭ ᠲᠠᠭᠤᠯᠠᠵᠥ ᠰᠢᠩᠭᠡᠬᠡᠭᠰᠡᠨ ᠶᠤᠮ᠃ ᠬᠠᠷᠢᠵᠥ ᠤᠴᠢᠭᠠᠳ ᠲᠠᠬᠢᠨ ᠲᠠᠭᠤᠨ ᠤ ᠥᠭᠡ ᠶᠢ ᠪᠥᠷᠢᠨ ᠪᠤᠯᠭᠠᠵᠥ᠂ ᠠᠶ᠎ᠠ ᠳᠤᠨᠢ ᠵᠠᠰᠠᠪᠤᠷᠢ ᠤᠷᠤᠭᠤᠯᠤᠭᠠᠳ | ᠵᠤᠬᠢᠶᠠᠵᠥ ᠪᠥᠳᠥᠬᠡᠪᠠ᠃ ᠲᠡᠬᠡᠬᠡᠳ ᠨᠠᠶᠢᠵᠠ ᠲᠠᠢ ᠪᠠᠨ ᠬᠤᠶᠠᠭᠤᠯᠠ ᠡᠨᠡ ᠲᠠᠭᠤᠤ ᠶᠢ ᠲᠠᠭᠤᠯᠠᠵᠥ᠂ ᠲᠠᠬᠢᠨ ᠨᠠᠶᠢᠵᠠ ᠶᠢᠨ ᠢᠶᠠᠨ ᠬᠠᠪᠰᠤᠷᠤᠯᠭ᠎ᠠ ᠪᠠᠷ MV | ᠪᠢᠴᠢᠯᠬᠡ ᠪᠠᠨ ᠬᠢᠵᠥ ᠭᠠᠷᠭᠠᠭᠰᠠᠨ ᠶᠤᠮ︾ ᠬᠡᠯ᠎ᠠ᠃ | ᠲᠡᠷᠡ ᠤᠷᠢᠳ ᠬᠤᠵᠢᠳ ︽ᠰᠠᠶᠢᠬᠠᠨ ᠮᠤᠩᠭᠤᠯ ᠨᠤᠳᠤᠭ︾᠂ ︽ᠬᠠᠷᠢᠮᠠᠷ ᠪᠠᠶᠢᠨ᠎ᠠ︾᠂ ︽ᠠᠪᠤ ᠮᠢᠨᠢ︾᠂ ︽ᠬᠠᠶᠢᠷ᠎ᠠ ᠶᠢᠨ ᠲᠠᠭᠤᠤ︾᠂ ︽ᠵᠡᠬᠦᠳᠤᠨ | ᠨᠤᠳᠤᠭ︾ ᠵᠡᠷᠬᠡ ᠤᠯᠠᠨ ᠰᠠᠶᠢᠬᠠᠨ ᠤᠷᠠᠨ ᠪᠥᠳᠥᠬᠡᠯ ᠬᠢᠭᠰᠡᠨ ᠠᠴᠠ ᠭᠠᠳᠠᠨ᠎ᠠ ᠪᠠᠰᠠ ︽ᠲᠠᠯ᠎ᠠ ᠶᠢᠨ ᠰᠥᠨᠢ︾᠂ ︽ᠡᠪᠳᠡᠷᠡᠭᠰᠡᠨ ᠮᠤᠷᠢᠨ ᠬᠤᠭᠤᠷ︾᠂ ︽ | ᠴᠤᠤᠷᠢᠶ᠎ᠠ︾᠂ ︽ᠡᠬᠡ ᠪᠠᠶᠢᠭᠠᠯᠢ ᠶᠢᠨ ᠭᠤᠮᠤᠳᠠᠯ︾ ᠵᠡᠷᠬᠡ ᠺᠤᠮᠫᠢᠥ᠋ᠲ᠋ᠧᠷ ᠤᠨ ᠤᠳᠤ ᠥᠶ᠎ᠡ ᠶᠢᠨ ᠲᠠᠭᠤᠤ ᠬᠥᠭᠵᠢᠮ ᠤᠨ ᠪᠥᠳᠥᠬᠡᠯ ᠲᠠᠢ ᠪᠢᠯᠡ᠃ ᠲᠡᠷᠡ ︽ | ᠮᠤᠩᠭᠤᠯ ᠤᠯᠤᠰ ᠤᠨ ᠡᠬᠦᠳᠤᠨ ᠪᠥᠳᠥᠬᠡᠯᠳᠡ ᠶᠢᠨ ᠭᠠᠷᠮᠠᠭᠠᠢ ᠵᠠᠯᠠᠭᠤᠴᠤᠳ ᠤᠨ ᠭᠠᠪᠢᠶᠠᠨ ᠲᠡᠮᠳᠡᠭ︾ ᠢ ᠬᠥᠷᠳᠡᠭᠰᠡᠨ ᠮᠥᠷᠳᠡᠬᠡᠨ ᠥᠥᠰᠢᠨ ᠬᠤᠰᠢᠭᠤᠨ ᠤ | ᠲᠥᠷᠪᠡᠳᠤᠬᠡᠷ ᠬᠤᠭᠤᠴᠠᠭᠠᠨ ᠤ ᠰᠠᠭᠠᠡᠭ ᠰᠡᠴᠡᠨ ᠤᠳᠬ᠎ᠠ ᠤᠷᠠᠯᠢᠭ ᠤᠨ ᠵᠤᠬᠢᠶᠠᠨ ᠪᠥᠳᠥᠬᠡᠯᠬᠡ ᠶᠢᠨ ᠱᠠᠩᠨᠠᠯ ᠵᠡᠷᠬᠡ ᠤᠯᠠᠨ ᠱᠠᠩᠨᠠᠯ ᠬᠥᠬᠢᠬᠦᠯᠤᠯ ᠢ ᠲᠤᠰᠴᠤ | ᠥᠡᠭᠬᠡᠷᠡᠵᠠᠢ᠃ | ᠤᠷᠠᠨ ᠪᠥᠳᠥᠬᠡᠯᠴᠢ ᠬᠥᠮᠤᠨ ᠳᠤ ᠵᠤᠬᠢᠶᠠᠨ ᠪᠥᠳᠥᠬᠡᠬᠦ ᠮᠡᠳᠡᠷᠡᠮᠵᠢ ᠰᠡᠳᠬᠢᠮᠵᠢ ᠮᠠᠰᠢ ᠴᠢᠬᠤᠯᠠ ᠪᠠᠶᠢᠳᠠᠭ ᠪᠤᠯ ᠠᠯᠳᠠᠨᠪᠠᠭᠠᠨ᠎ᠠ ᠴᠤ ᠤᠷᠠᠨ ᠪᠥᠳᠥᠬᠡᠯ ᠢᠶᠠᠨ | ᠵᠤᠬᠢᠶᠠᠨ ᠪᠥᠳᠥᠬᠡᠬᠦ ᠶᠢᠨ ᠲᠤᠬᠠᠢ ᠥᠪᠡᠷ ᠤᠨ ᠥᠵᠡᠯᠳᠡ ᠲᠠᠨᠢᠯᠳᠡ ᠲᠠᠢ ᠪᠠᠶᠢᠯ᠎ᠠ᠃ ᠲᠡᠷᠡ᠄ ︽ᠵᠤᠬᠢᠶᠠᠨ ᠪᠥᠳᠥᠬᠡᠬᠦ ᠮᠡᠳᠡᠷᠡᠮᠵᠢ ᠶᠢᠨ ᠲᠠᠯ᠎ᠠ ᠪᠠᠷ ᠡᠷᠬᠡᠪᠰᠢ | ᠠᠮᠢᠳᠤᠷᠠᠯ ᠲᠠᠢ ᠤᠢᠢᠷᠠᠳᠤᠭᠰᠠᠨ ᠪᠠᠶᠢᠬᠤ ᠶᠤᠰᠤᠳᠠᠢ᠃ ᠪᠢ ᠤᠤᠯ ᠳᠠᠭᠠᠨ ᠺᠤᠷᠢᠶᠠ ᠤᠯᠤᠰ ᠲᠤ ᠬᠥᠭᠵᠢᠮ ᠤᠨ ᠨᠠᠶᠢᠷᠠᠭᠤᠯᠭ᠎ᠠ ᠬᠢᠬᠦ ᠳᠤ ᠮᠤᠩᠭᠤᠯ | ᠠᠮᠢᠳᠤᠷᠠᠯ ᠠᠴᠠ ᠲᠠᠩᠴᠤ ᠵᠠᠶᠢᠳᠠᠵᠥ᠂ ᠮᠤᠩᠭᠤᠯ ᠬᠥᠭᠵᠢᠮᠴᠢᠨ᠂ ᠲᠠᠭᠤᠴᠢᠨ ᠤᠯᠵᠥ ᠲᠡᠶᠢᠯᠬᠦ ᠥᠬᠡᠢ᠃ ᠲᠡᠬᠡᠬᠡᠳ ᠪᠢ ᠠᠮᠢᠳᠤᠷᠠᠯ ᠠᠴᠠ ᠪᠠᠨ ᠬᠤᠯᠠ ᠪᠠᠶᠢᠪᠠᠯ | ᠰᠠᠶᠢᠨ ᠤᠷᠠᠨ ᠪᠥᠳᠥᠬᠡᠯ ᠬᠢᠵᠥ ᠭᠠᠷᠭᠠᠬᠤ ᠳᠤ ᠬᠡᠴᠡᠬᠦᠥ ᠬᠡᠰᠡᠨ ᠢ ᠤᠬᠠᠪᠤᠷᠢᠯᠠᠵᠠᠢ᠃ ᠡᠨᠡ ᠨᠢ ᠮᠥᠨ ᠴᠤ ᠮᠢᠨᠥ ᠨᠤᠳᠤᠭ ᠲᠠᠭᠠᠨ ᠬᠠᠷᠢᠵᠥ ᠢᠷᠡᠭᠰᠡᠨ ᠰᠢᠯᠳᠡᠭᠠᠨ | ᠶᠤᠮ᠃ ᠪᠢ ᠥᠷᠬᠦᠯᠵᠢ ᠮᠤᠩᠭᠤᠯ ᠤᠯᠤᠰ᠂ ᠬᠥᠬᠡᠨᠠᠭᠤᠷ ᠵᠡᠷᠬᠡ ᠮᠤᠩᠭᠤᠯ ᠨᠤᠳᠤᠭ ᠢᠶᠠᠷ ᠠᠶᠠᠯᠠᠨ᠂ ᠮᠠᠯᠴᠢᠳ ᠲᠠᠢ ᠶᠠᠷᠢᠯᠴᠠᠵᠥ᠂ ᠠᠵᠥ ᠠᠮᠢᠳᠤᠷᠠᠯ ᠢ ᠨᠢ | ᠤᠢᠢᠯᠠᠭᠠᠳᠠᠭ᠃ ᠢᠡᠭᠬᠢᠬᠦ ᠳᠤ ᠭᠠᠵᠠᠷ ᠪᠤᠯᠭᠠᠨ ᠤ ᠬᠥᠮᠤᠨ ᠤ ᠪᠤᠳᠤᠯ ᠰᠡᠳᠬᠢᠭᠳᠡᠯ ᠠᠳᠠᠯᠢ ᠥᠬᠡᠢ᠂ ᠨᠠᠳᠠ ᠳᠤ ᠠᠷᠪᠢᠨ ᠵᠦᠢᠯ ᠢ ᠰᠡᠳᠬᠢᠭᠳᠡᠬᠦᠯᠳᠡᠭ᠃ | ᠢᠢᠮᠥ ᠠᠴᠠ ᠠᠮᠢᠳᠤᠷᠠᠯ ᠲᠠᠢ ᠠᠯᠢ ᠤᠢᠢᠷᠠᠬᠠᠨ ᠪᠠᠶᠢᠬᠤ ᠳᠤᠳᠤᠮ ᠢᠶᠠᠨ ᠠᠮᠢᠳᠤᠷᠠᠯ ᠴᠢᠮ᠎ᠠ ᠳᠤ ᠠᠯᠢ ᠠᠷᠪᠢᠨ ᠬᠠᠷᠢᠭᠤ ᠥᠭᠴᠤ ᠪᠠᠶᠢᠬᠤ ᠰᠢᠭ᠋ ᠤᠯᠠᠠ ᠰᠠᠶᠢᠬᠠᠨ | ᠮᠡᠳᠡᠷᠡᠮᠵᠢ ᠶᠢ ᠤᠯᠭᠤᠳᠠᠭ᠃ ᠪᠢ ᠨᠤᠮ ᠥᠵᠡᠬᠦ ᠲᠤᠷᠠᠳᠠᠢ᠃ ᠮᠤᠩᠭᠤᠯᠴᠤᠳ ᠤᠨ ᠲᠡᠤᠬᠡ ᠰᠤᠶᠤᠯ᠂ ᠡᠪᠦᠭᠡ ᠲᠡᠬᠡᠳᠤᠰ ᠤᠨ ᠢᠶᠠᠨ ᠬᠢᠵᠥ ᠪᠥᠳᠥᠬᠡᠭᠰᠡᠨ | ᠵᠦᠢᠯᠡᠰ ᠢ ᠰᠤᠳᠤᠯᠵᠥ ᠤᠢᠢᠯᠠᠭᠠᠬᠤ ᠲᠤᠷᠠᠳᠠᠢ᠃ ᠬᠡᠷᠪᠡ ᠰᠤᠶᠤᠯ ᠲᠡᠤᠬᠡ ᠪᠠᠨ ᠠᠩᠵᠠᠭᠠᠷᠠᠬᠤ ᠥᠬᠡᠢ᠂ ᠤᠢᠢᠯᠠᠭᠠᠬᠤ ᠥᠬᠡᠢ ᠪᠤᠯ ᠮᠡᠳᠡᠷᠡᠮᠵᠢ ᠬᠡᠰᠡᠨ ᠶᠠᠭᠤᠮ᠎ᠠ | ᠪᠠᠶᠢᠬᠤ ᠥᠬᠡᠢ᠂ ᠶᠠᠮᠠᠷ ᠨᠢᠬᠡᠨ ᠮᠡᠳᠡᠷᠡᠮᠵᠢ ᠶᠢ ᠤᠯᠭᠤᠵᠥ ᠪᠠᠶᠢᠭᠰᠠᠨ ᠴᠤ ᠲᠡᠬᠦᠨ ᠢ ᠪᠠᠨ ᠲᠠᠨᠢᠬᠤ ᠥᠬᠡᠢ ᠶᠤᠮ ᠴᠢᠨᠢ᠂ ᠶᠠᠭ ᠯᠡ ᠥᠪᠡᠷ ᠢᠶᠠᠨ ᠡᠬᠦᠳᠡ ᠪᠠᠨ | ᠬᠠᠭᠠᠴᠢᠬᠠᠵᠥ᠂ ᠡᠷᠳᠡᠨᠢ ᠠᠪᠴᠢᠷᠠᠵᠥ ᠥᠭᠭᠦᠪᠡᠴᠤ ᠲᠠᠨᠢᠬᠤ ᠥᠬᠡᠢ ᠲᠠᠢ ᠠᠳᠠᠯᠢ᠃ ᠪᠢᠳᠠ ᠮᠤᠩᠭᠤᠯ ᠠᠮᠢᠳᠤᠷᠠᠯ ᠢᠶᠠᠨ ᠲᠡᠬᠡᠳᠤᠯᠡᠨ ᠬᠠᠶᠢᠷᠠᠯᠠᠵᠥ ᠶᠠᠪᠤᠪᠠᠯ | ᠮᠡᠳᠡᠷᠡᠮᠵᠢ ᠤᠡᠭᠭᠤᠳ ᠴᠤ ᠢᠷᠡᠬᠡᠳ ᠪᠠᠶᠢᠳᠠᠭ︾ ᠬᠡᠯ᠎ᠠ᠃ | ᠠᠯᠳᠠᠨᠪᠠᠭᠠᠨ᠎ᠠ ᠬᠤᠶᠢᠰᠢᠳᠡ ᠶᠢᠨ ᠤᠷᠠᠯᠢᠭ ᠤᠨ ᠵᠠᠮ ᠮᠥᠷ ᠤᠨ ᠢᠶᠠᠨ ᠲᠤᠬᠠᠢ᠄ ︽ᠲᠤᠬᠠᠢ ᠶᠢᠨ ᠥᠶ᠎ᠡ ᠳᠤ ᠨᠤᠳᠤᠭ ᠲᠠᠭᠠᠨ ᠬᠠᠷᠢᠵᠥ ᠢᠷᠡᠬᠦ ᠳᠡᠭᠡᠨ | ᠨᠤᠳᠤᠭ ᠤᠷᠤᠨ ᠤ ᠪᠠᠨ ᠬᠥᠭᠵᠢᠮᠴᠢᠨ ᠲᠠᠭᠤᠴᠢᠨ ᠨᠠᠷ ᠢ ᠴᠤᠭᠯᠠᠭᠤᠯᠵᠥ ᠤᠯᠠᠨ ᠰᠠᠶᠢᠬᠠᠨ ᠤᠷᠠᠯᠢᠭ ᠤᠨ ᠪᠥᠳᠥᠬᠡᠯ ᠢ ᠬᠠᠮᠳᠤᠷᠠᠨ ᠬᠢᠶ᠎ᠡ ᠬᠡᠰᠡᠨ ᠪᠤᠳᠤᠯ ᠢ | ᠡᠪᠤᠷᠯᠡᠭᠰᠡᠨ ᠶᠤᠮ᠃ ᠰᠡᠬᠦᠯᠡᠷ ᠨᠢ ᠤᠯᠠᠩᠬᠢ ᠬᠥᠮᠥᠨ ᠠᠮᠢᠳᠤᠷᠠᠯ ᠳᠠᠭᠠᠨ ᠲᠠᠷᠤᠭᠳᠠᠵᠥ ᠪᠠᠶᠢᠬᠤ ᠶᠢ ᠮᠡᠳᠡᠯ᠎ᠠ᠃ ᠬᠥᠮᠤᠨ ᠠᠮᠢᠳᠤᠷᠠᠬᠤ ᠳᠤ ᠠᠵᠢᠯ ᠤᠢᠢᠯᠡᠰ᠂ | ᠠᠮᠢᠳᠤᠷᠠᠯ ᠬᠡᠰᠡᠨ ᠬᠤᠶᠠᠷ ᠴᠢᠬᠤᠯᠠ ᠵᠦᠢᠯ ᠪᠠᠶᠢᠭ᠎ᠠ ᠶᠤᠮ᠃ ᠠᠵᠢᠯ ᠬᠡᠪᠡᠯ ᠠᠮᠢᠳᠤᠷᠠᠬᠤ ᠶᠢᠨ ᠲᠥᠯᠥᠬᠡ ᠬᠢᠵᠥ ᠪᠠᠶᠢᠭ᠎ᠠ ᠵᠦᠢᠯ᠂ ᠤᠢᠢᠯᠡᠰ ᠬᠡᠪᠡᠯ ᠥᠪᠡᠷ ᠤᠨ | ᠨᠠᠰᠤᠨ ᠲᠤᠷᠰᠢᠳᠡ ᠬᠢᠬᠦ ᠲᠤᠷᠠᠳᠠᠢ ᠠᠵᠢᠯ ᠢ ᠬᠡᠯᠡᠳᠡᠭ ᠬᠡᠵᠥ ᠪᠢ ᠥᠵᠡᠨ᠎ᠠ᠃ ᠨᠠᠳᠠ ᠳᠤ ᠠᠪᠴᠤ ᠬᠡᠯᠡᠪᠡᠯ᠂ ᠮᠢᠨᠥ ᠤᠢᠢᠯᠡᠰ ᠪᠤᠯ ᠤᠷᠠᠨ ᠪᠥᠳᠥᠬᠡᠯ ᠬᠢᠬᠦ ᠶᠠᠪᠤᠳᠠᠯ | ᠶᠤᠮ᠃ ᠬᠤᠶᠢᠰᠢᠳᠡ ᠨᠡᠩ ᠤᠯᠠᠨ ᠰᠢᠯᠢᠳᠡᠭ ᠬᠦᠭᠵᠢᠮᠴᠢᠨ ᠲᠠᠭᠤᠴᠢᠨ ᠨᠠᠷ ᠲᠠᠢ ᠬᠠᠮᠳᠤᠷᠠᠯᠴᠠᠵᠥ ᠤᠯᠠᠮ ᠰᠠᠶᠢᠨ ᠤᠷᠠᠨ ᠪᠥᠳᠥᠬᠡᠯ ᠭᠠᠷᠭᠠᠬᠤ ᠪᠠᠷ ᠴᠢᠷᠮᠠᠶᠢᠨ᠎ᠠ︾ | ᠬᠡᠵᠦ ᠢᠳᠡᠬᠡᠯ ᠲᠥᠬᠦᠷᠡᠩ ᠶᠠᠷᠢᠯ᠎ᠠ᠃ | ᠮᠤᠩᠭᠤᠯ ᠲᠠᠭᠤᠤ ᠬᠥᠭᠵᠢᠮ ᠤᠨ ᠢᠶᠠᠨ ᠲᠤᠯᠭ᠎ᠠ ᠶᠢᠨ ᠭᠠᠯ ᠢ ᠥᠪᠡᠷᠮᠢᠴᠡ ᠤᠨᠴᠠᠯᠢᠭᠳᠤ ᠺᠤᠮᠫᠢᠥ᠋ᠲ᠋ᠧᠷ ᠬᠥᠭᠵᠢᠮ ᠤᠨ ᠴᠤᠭ ᠢᠶᠠᠷ ᠪᠠᠳᠠᠷᠠᠭᠠᠵᠥ ᠶᠠᠪᠤᠭ᠎ᠠ | ᠠᠯᠳᠠᠨᠪᠠᠭᠠᠨ᠎ᠠ ᠳᠠᠭᠠᠨ ᠤᠷᠠᠯᠢᠭ ᠤᠨ ᠠᠶᠠᠠ ᠤ ᠥᠨᠳᠤᠷ ᠠᠮᠵᠢᠯᠳᠡ ᠶᠢ ᠬᠥᠰᠡᠶᠠ︕ | ᠰᠤᠷᠪᠤᠯᠵᠢᠯᠠᠭᠴᠢ ᠶᠢᠨ ᠡᠪᠤᠷ ᠲᠡᠮᠳᠡᠭᠯᠡᠯ᠄ | ᠠᠯᠳᠠᠨᠪᠠᠭᠠᠨ᠎ᠠ ᠶᠢ ᠰᠤᠷᠪᠤᠯᠵᠢᠯᠠᠬᠤ ᠪᠠᠷ ᠤᠴᠢᠬᠤ ᠳᠤ ᠲᠡᠷᠡ ᠤᠷᠤᠯᠳᠤᠭᠠᠠ ᠳᠤ ᠤᠷᠤᠯᠴᠠᠬᠤ ᠪᠤᠯᠪᠠᠰᠤᠷᠠᠯ ᠳᠠᠭᠠᠨ ᠰᠢᠮᠳᠠᠵᠦ ᠮᠠᠰᠢ ᠶᠠᠭᠠᠷᠠᠯᠳᠠᠢ ᠪᠠᠶᠢᠬᠰᠠᠠ | ᠶᠤᠮ᠃ ᠪᠤᠯᠪᠠᠰᠤᠷᠠᠯ ᠤᠨ ᠳᠤᠮᠳᠠ ᠠᠮᠤᠰᠬᠢᠬᠤ ᠤᠬᠤᠷᠬᠠᠨ ᠴᠠᠭ ᠢ ᠠᠮᠵᠢᠵᠦ ᠰᠤᠷᠪᠤᠯᠵᠢᠯᠠᠭ᠎ᠠ ᠪᠠᠨ ᠬᠢᠭᠰᠡᠨ ᠴᠤ ᠠᠯᠳᠠᠨᠪᠠᠭᠠᠨ᠎ᠠ ᠶᠢᠨ ᠶᠠᠷᠢᠭᠰᠠᠨ᠂ ᠰᠡᠳᠬᠢᠭᠰᠡᠨ | ᠵᠦᠢᠯ ᠨᠢ ᠶᠡᠭᠡ ᠯᠠ ᠬᠥᠨᠴᠡ ᠲᠠᠢ ᠮᠡᠳᠡᠭᠳᠡᠯᠠ᠃ ᠠᠯᠳᠠᠨᠪᠠᠭᠠᠨ᠎ᠠ ᠪᠤᠯ ᠵᠢᠷ ᠤᠨ ᠨᠢᠬᠡᠡ ᠮᠠᠯᠴᠢᠨ ᠠᠶᠢᠯ ᠤᠨ ᠬᠡᠤᠬᠡᠳ᠂ ᠲᠡᠷᠡ ᠲᠠᠭᠤᠤ ᠬᠥᠭᠵᠢᠮ ᠳᠤ ᠬᠠᠷᠠᠬᠠᠠ | ᠪᠠᠭ᠎ᠠ ᠠᠴᠠ ᠪᠠᠨ ᠳᠤᠷ᠎ᠠ ᠪᠠᠬ᠎ᠠ ᠲᠠᠢ᠂ ᠳᠡᠷᠡ ᠰᠡᠳᠬᠢᠯ ᠤᠨ ᠬᠦᠨ ᠳᠤ ᠬᠤᠨᠤᠭᠰᠢᠬᠰᠠᠠ ᠡᠨᠡ ᠬᠦ ᠬᠥᠰᠡᠯ ᠢᠶᠠᠨ ᠲᠡᠷᠬᠡᠯᠰᠢᠬᠦᠯᠬᠦ ᠪᠠᠷ ᠴᠥᠬᠦᠷᠡᠯ ᠥᠬᠡᠢ | ᠴᠢᠷᠮᠠᠶᠢᠭᠰᠠᠭᠠᠷ ᠢᠷᠡᠵᠠᠢ᠃ ᠠᠯᠳᠠᠨᠪᠠᠭᠠᠨ᠎ᠠ ᠬᠠᠷᠢ ᠬᠥᠷᠥᠨ ᠳᠤ ᠰᠤᠷᠤᠯᠴᠠᠵᠥ ᠪᠠᠶᠢᠬᠤ ᠳᠠᠭᠠᠨ ᠠᠷᠤ ᠬᠡᠷ ᠤᠨ ᠢᠶᠠᠨ ᠲᠠᠷᠤᠭᠠᠰᠤ ᠶᠢ ᠬᠦᠩᠬᠡᠷᠡᠬᠦᠯᠬᠦ ᠶᠢᠨ ᠳᠦᠯᠦᠬᠡ | ᠲᠤᠰᠬᠠᠢ ᠮᠡᠷᠬᠡᠵᠢᠯ ᠢᠶᠠᠨ ᠰᠤᠷᠤᠯᠴᠠᠬᠤ ᠶᠢᠨ ᠲᠠᠭᠠᠤ ᠳᠤ ᠤᠯᠠᠨ ᠵᠦᠢᠯ ᠤᠨ ᠬᠥᠯᠥᠰᠥᠨ ᠠᠵᠢᠯ ᠢ ᠬᠢᠵᠥ ᠥᠡᠭᠬᠡᠷᠡᠵᠠᠢ᠃ ᠠᠯᠳᠠᠨᠪᠠᠭᠠᠨ᠎ᠠ ᠤᠯᠠᠨ ᠭᠠᠵᠠᠷ ᠢᠶᠠᠷ | ᠰᠤᠷᠤᠯᠴᠠᠵᠥ ᠶᠠᠪᠤᠬᠤ ᠳᠠᠭᠠᠨ ᠳᠦᠷᠦᠵᠦ ᠥᠰᠥᠭᠰᠡᠨ ᠨᠤᠳᠤᠭ ᠤᠰᠤ᠂ ᠥᠨᠳᠤᠰᠤᠳᠡᠨ ᠤ ᠲᠡᠤᠬᠡ ᠰᠤᠶᠤᠯ ᠢᠶᠠᠨ ᠰᠠᠨᠠᠭᠠᠯᠵᠠᠵᠦ ᠲᠡᠬᠡᠳᠤᠯᠡᠵᠥ ᠶᠠᠪᠤᠳᠠᠭ ᠠᠴᠠ | ᠲᠡᠬᠦᠨ ᠳᠤ ᠤᠯᠠᠨ ᠰᠠᠶᠢᠬᠠᠨ ᠤᠷᠠᠠ ᠪᠦᠳᠦᠬᠡᠯ ᠬᠢᠬᠦ ᠮᠡᠳᠡᠷᠡᠮᠵᠢ ᠶᠢ ᠤᠯᠭᠤᠭᠰᠠᠨ ᠬᠡᠳᠡᠭ᠃ ᠵᠠᠯᠠᠭᠤᠴᠤᠳ ᠮᠠᠨᠢ ᠥᠨᠳᠤᠰᠤᠳᠡᠨ ᠤ ᠰᠤᠶᠤᠯ ᠲᠡᠤᠬᠡ ᠪᠠᠨ | ᠤᠢᠢᠯᠠᠭᠠᠵᠥ ᠲᠡᠬᠡᠳᠤᠯᠡᠵᠥ ᠶᠠᠪᠤᠪᠠᠯ ᠪᠢᠳᠠᠨ ᠳᠤ ᠮᠠᠰᠢ ᠶᠡᠭᠡ ᠰᠡᠳᠬᠢᠯ ᠤᠨ ᠬᠥᠴᠥ ᠲᠠᠮᠢᠷ ᠢ ᠤᠯᠭᠤᠵᠥ᠂ ᠥᠬᠡᠳᠡᠷᠬᠡᠭ ᠠᠮᠢᠳᠤᠷᠠᠬᠤ ᠶᠢᠨ ᠬᠡᠬᠡᠡ ᠢᠷᠡᠬᠡᠳᠦᠢ ᠶᠢ | ᠰᠤᠶᠤᠷᠬᠠᠬᠤ ᠪᠠᠶᠢᠬ᠎ᠠ ᠡ︕ | | |